ᠠᠳᠤᠭᠤᠨ ᠲᠦᠪᠡᠷᠭᠡᠨ ᠲᠡᠢ ᠰᠢᠯᠢ ᠶ᠋ᠢᠨ ᠭᠣᠣᠯ -ᠤᠷᠢᠬᠠᠨ᠂ ᠪᠦᠷᠢᠨᠵᠢᠷᠭᠠᠯ Адуун төвөргөөнтэй шилийн гол-Урьхан,Бүрнжаргал
ᠠᠳᠤᠭᠤᠨ ᠲᠦᠪᠡᠷᠭᠡᠨ ᠲᠡᠢ ᠰᠢᠯᠢ ᠶ᠋ᠢᠨ ᠭᠣᠣᠯ
ᠰᠢᠯᠦᠭ᠄ ᠨᠠᠰᠤᠨ
ᠠᠶ᠎ᠠ᠄ ᠰᠡᠴᠡᠨᠴᠣᠭᠲᠤ
ᠳᠠᠭᠤᠴᠢᠨ᠄ ᠤᠷᠢᠬᠠᠨ᠂ ᠪᠦᠷᠢᠨᠵᠢᠷᠭᠠᠯ
ᠠᠶᠠᠯᠭᠤ ᠲᠦᠷᠢᠨ ᠰᠡᠳᠬᠢᠯ ᠪᠠᠶᠠᠰᠬᠠᠭᠰᠠᠨ
ᠠᠯᠤᠰ ᠤ᠋ᠨ ᠪᠠᠷ᠎ᠠ ᠨᠢ ᠢᠷᠦᠭᠡᠯ ᠦ᠋ᠨ ᠳᠠᠯᠠᠯᠭ᠎ᠠ ᠲᠠᠢ
ᠠᠭᠲᠠ ᠶ᠋ᠢᠨ ᠦᠦᠷᠰᠡᠭᠡ ᠨᠢ ᠬᠡᠢᠮᠣᠷᠢ ᠰᠡᠷᠭᠦᠭᠡᠭᠰᠡᠨ
ᠠᠲᠠᠷ ᠤ᠋ᠨ ᠰᠠᠯᠬᠢ ᠨᠢ ᠬᠤᠭᠤᠷ ᠤ᠋ᠨ ᠲᠠᠲᠠᠯᠠᠭ᠎ᠠ ᠲᠠᠢ
ᠳᠥᠷᠪᠡᠨ ᠴᠠᠭ ᠨᠢ ᠭᠠᠩᠭᠠᠷᠬᠠᠨ ᠰᠠᠭᠠᠲᠠᠭᠰᠠᠨ
ᠳᠥᠯᠭᠡᠬᠡᠨ ᠲᠠᠯ᠎ᠠ ᠨᠢ ᠰᠦᠷᠦᠭ ᠦ᠋ᠨ ᠪᠤᠶᠠᠨ ᠲᠠᠢ
ᠲᠦᠪᠰᠢᠨ ᠰᠠᠢᠬᠠᠨ ᠢ᠋ ᠰᠦ ᠪᠡᠷ ᠮᠢᠯᠢᠶᠠᠭᠰᠠᠨ
ᠲᠦᠮᠡᠨ ᠣᠯᠠᠨ ᠨᠢ ᠠᠮᠤᠭᠤᠯᠠᠩ ᠵᠠᠶᠠᠭ᠎ᠠ ᠲᠠᠢ
ᠤᠰᠤᠨ ᠤ᠋ ᠲᠤᠩᠭᠠᠯᠠᠭ ᠰᠢᠯᠢ ᠶ᠋ᠢᠨ ᠭᠣᠣᠯ ᠮᠢᠨᠢ
ᠤᠴᠠᠷᠠᠯ ᠲᠠᠪᠢᠯᠠᠩ ᠤ᠋ᠨ ᠠᠮᠢᠨ ᠭᠣᠣᠯ ᠮᠢᠨᠢ
ᠮᠥᠷᠥᠭᠡᠳᠦᠯ ᠬᠦᠰᠡᠯ ᠦ᠋ᠨ ᠰᠣᠯᠣᠩᠭᠠᠨ ᠵᠢᠭᠦᠷ ᠲᠡᠢ
ᠮᠥᠩᠬᠡ ᠲᠩᠷᠢ ᠶ᠋ᠢᠨ ᠠᠮᠤᠭᠤᠯᠠᠩ ᠣᠷᠣᠨ
ᠠᠷᠢᠭᠤᠨ ᠬᠠᠢᠷ᠎ᠠ ᠶ᠋ᠢᠨ ᠠᠯᠲᠠᠨ ᠰᠢᠷᠤᠩᠬᠠᠢ
ᠠᠳᠤᠭᠤᠨ ᠲᠦᠪᠡᠷᠭᠡᠨ ᠲᠡᠢ ᠰᠢᠯᠢ ᠶ᠋ᠢᠨ ᠭᠣᠣᠯ ᠮᠢᠨᠢ
ᠢᠨᠢᠶᠡᠳᠦ ᠰᠠᠴᠤᠷᠠᠨ ᠢᠷᠡᠭᠡᠳᠦᠢ ᠮᠢᠰᠢᠶᠡᠭᠰᠡᠨ
ᠶᠡᠬᠡ ᠦᠢᠯᠡᠰ ᠨᠢ ᠢᠲᠡᠭᠡᠯ ᠦ᠋ᠨ ᠵᠣᠯᠪᠣᠭ᠎ᠠ ᠲᠠᠢ
ᠪᠠᠶᠠᠷ ᠴᠠᠯᠭᠢᠯᠠᠨ ᠪᠠᠬᠠᠷᠬᠠᠯ ᠬᠠᠯᠭᠢᠯᠠᠭᠰᠠᠨ
ᠪᠠᠳᠠᠷᠠᠩᠭᠤᠢ ᠡᠷᠢᠨ ᠦ᠌ ᠬᠦᠰᠡᠯ ᠦ᠋ᠨ ᠳᠡᠭᠦᠯᠢᠭᠡ ᠲᠡᠢ
ᠤᠰᠤᠨ ᠤ᠋ ᠲᠤᠩᠭᠠᠯᠠᠭ ᠰᠢᠯᠢ ᠶ᠋ᠢᠨ ᠭᠣᠣᠯ ᠮᠢᠨᠢ
ᠤᠴᠠᠷᠠᠯ ᠲᠠᠪᠢᠯᠠᠩ ᠤ᠋ᠨ ᠠᠮᠢᠨ ᠭᠣᠣᠯ ᠮᠢᠨᠢ
ᠮᠥᠷᠥᠭᠡᠳᠦᠯ ᠬᠦᠰᠡᠯ ᠦ᠋ᠨ ᠰᠣᠯᠣᠩᠭᠠᠨ ᠵᠢᠭᠦᠷ ᠲᠡᠢ
ᠮᠥᠩᠬᠡ ᠲᠩᠷᠢ ᠶ᠋ᠢᠨ ᠠᠮᠤᠭᠤᠯᠠᠩ ᠣᠷᠣᠨ
ᠠᠷᠢᠭᠤᠨ ᠬᠠᠢᠷ᠎ᠠ ᠶ᠋ᠢᠨ ᠠᠯᠲᠠᠨ ᠰᠢᠷᠤᠩᠬᠠᠢ
ᠠᠳᠤᠭᠤᠨ ᠲᠦᠪᠡᠷᠭᠡᠨ ᠲᠡᠢ ᠰᠢᠯᠢ ᠶ᠋ᠢᠨ ᠭᠣᠣᠯ ᠮᠢᠨᠢ
ᠠᠢ᠁ ᠰᠢᠯᠢ ᠶ᠋ᠢᠨ ᠭᠣᠣᠯ
ᠠᠢ᠁ ᠰᠢᠯᠢ ᠶ᠋ᠢᠨ ᠭᠣᠣᠯ
ᠠᠢ᠁ ᠰᠢᠯᠢ ᠶ᠋ᠢᠨ ᠭᠣᠣᠯ
ᠠᠳᠤᠭᠤᠨ ᠲᠦᠪᠡᠷᠭᠡᠨ ᠲᠡᠢ ᠰᠢᠯᠢ ᠶ᠋ᠢᠨ ᠭᠣᠣᠯ ᠮᠢᠨᠢ
ᠠᠳᠤᠭᠤᠨ ᠲᠦᠪᠡᠷᠭᠡᠨᠲᠡᠢ ᠰᠢᠯᠢ ᠶ᠋ᠢᠨ ᠭᠣᠣᠯ ᠮᠢᠨᠢ
ᠦᠰᠦᠭ ᠠᠮᠢᠯᠠᠭᠤᠯᠤᠭᠴᠢ᠄ ᠮᠥᠩᠭᠥᠨ
ᠦᠰᠦᠭ ᠬᠠᠲᠠᠭᠴᠢ᠄ ᠮᠥᠩᠭᠥᠨ
ᠬᠢᠨᠠᠭᠴᠢ᠄ ᠣᠳᠬᠠᠨᠰᠣ᠎ᠠ
