ᠬᠥᠳᠡᠭᠡ ᠶ᠋ᠢᠨ ᠪᠠᠶᠠᠰᠬᠤᠯᠠᠩХөөдөөгийн баясгалан
ᠬᠥᠳᠡᠭᠡ ᠶ᠋ᠢᠨ ᠪᠠᠶᠠᠰᠬᠤᠯᠠᠩ
ᠦᠭᠡ ᠄ ᠰ ᠂
ᠳᠠᠰᠢᠳᠣᠩᠷᠤᠪ
ᠠᠶ᠎ᠠ ᠄ ᠬ ᠪᠢᠷᠤᠡ
ᠤᠷᠢᠬᠠᠨ ᠬᠠᠪᠤᠷ ᠤᠨ
ᠰᠠᠯᠬᠢ ᠨᠢ ᠬᠣᠩᠭᠣᠷ
ᠤᠯᠤᠰ ᠣᠷᠣᠨ ᠤ
ᠠᠮᠢᠳᠤᠷᠠᠯ ᠬᠠᠨᠠᠭᠠᠷ
ᠤᠨᠠᠭᠠᠨ ᠨᠤᠲᠤᠭ ᠤᠨ
ᠴᠡᠯᠡᠭᠡᠷ ᠬᠥᠨᠳᠡᠢ ᠳ᠋ᠦ᠍
ᠤᠶᠠᠩᠭ᠎ᠠ ᠳᠠᠭᠤᠤ ᠶ᠋ᠢᠨ
ᠡᠬᠡᠰᠢᠭ ᠴᠡᠭᠡᠯᠬᠡᠨ
ᠨᠠᠷᠠᠯᠠᠭ ᠵᠤᠨ ᠤ
ᠴᠡᠴᠡᠭ ᠨᠢ ᠥᠩᠭᠡᠯᠢᠭ
ᠨᠠᠶ᠋ᠢᠷᠰᠠᠭ ᠣᠯᠠᠨ ᠤ
ᠰᠡᠳᠬᠡᠯ ᠲᠤᠩᠭᠠᠯᠠᠭ
ᠥᠯᠥᠭᠡᠢ ᠨᠤᠲᠤᠭ ᠤᠨ
ᠴᠡᠯᠡᠭᠡᠷ ᠬᠥᠨᠳᠡᠢ ᠳ᠋ᠦ᠍
ᠥᠷᠨᠢᠭᠦᠨ ᠠᠵᠢᠯ ᠤᠨ
ᠠᠮᠵᠢᠯᠲᠠ ᠠᠷᠪᠢᠨ
ᠲᠠᠶ᠋ᠢᠪᠤᠩ ᠨᠠᠮᠤᠷ ᠤᠨ
ᠥᠩᠭᠡ ᠨᠢ ᠬᠠᠯᠢᠭᠤᠨ
ᠲᠠᠩᠰᠤᠭ ᠣᠯᠠᠨ ᠤ
ᠢᠲᠡᠭᠡᠯ ᠬᠠᠯᠠᠭᠤᠨ
ᠰᠠᠭᠤᠭᠠᠯᠢ ᠨᠤᠲᠤᠭ ᠤᠨ
ᠠᠭᠤᠳᠠᠮ ᠬᠥᠨᠳᠡᠢ ᠳ᠋ᠦ᠍
ᠰᠠᠭᠤᠷᠢ ᠰᠦᠷᠦᠭ ᠦᠨ ᠪᠠᠷ᠎ᠠ
ᠳᠦᠭᠦᠷᠡᠩ
ᠵᠢᠬᠡᠭᠦᠨ ᠡᠪᠦᠯ ᠦᠨ
ᠵᠢᠪᠠᠷ ᠨᠢ ᠰᠢᠷᠦᠭᠦᠨ
ᠵᠢᠷ ᠦᠨ ᠣᠯᠠᠨ ᠤ
ᠵᠢᠳᠬᠦᠯ ᠰᠢᠳᠠᠷᠠᠬᠦᠨ
ᠰᠠᠷᠠᠭᠤᠯ ᠨᠤᠲᠤᠭ ᠤᠨ
ᠪᠤᠭᠤᠷᠤᠯ ᠬᠥᠨᠳᠡᠢ ᠳ᠋ᠦ᠍
ᠰᠠᠭᠠᠷᠠᠰᠢ ᠦᠭᠡᠢ
ᠦᠢᠯᠡᠰ ᠦᠨ ᠤᠨᠳᠤᠷᠤᠭ᠎ᠠ
ᠳᠡᠯᠭᠡᠷ
