ᠵᠠᠮ ᠳᠡᠭᠡᠷ᠎ᠡ ᠭᠡᠭᠡᠭᠳᠡᠭᠰᠡᠨ ᠴᠡᠴᠡᠭ -ᠪ ᠡᠷᠳᠡᠨᠢᠲᠤᠶᠠᠭ᠎ᠠ Zam deer geegdsen tsetseg - B ErdenetuyaЗам дээр гээгдсэн цэцэг-Б Эрдэнэтуяа
ᠵᠠᠮ ᠳᠡᠭᠡᠷ᠎ᠡ ᠭᠡᠭᠡᠭᠳᠡᠭᠰᠡᠨ ᠴᠡᠴᠡᠭ
ᠦᠭᠡ᠄ ᠰ ·ᠳᠠᠰᠢᠳᠤᠤᠷᠤᠪ
ᠠᠶ᠎ᠠ᠄ ᠴᠢᠮᠡᠳᠳᠣᠷᠵᠢ
ᠳᠠᠭᠤᠴᠢᠨ᠄ ᠤ᠋·ᠡᠷᠳᠡᠨᠢᠲᠤᠶᠠᠭ᠎ᠠ
ᠲᠣᠷᠭᠠᠨ ᠲᠤᠤᠵᠠ ᠪᠠᠷ ᠣᠷᠢᠶᠠᠭᠰᠠᠨ
ᠲᠠᠯ᠎ᠠ ᠶ᠋ᠢᠨ ᠠᠩᠬᠢᠯᠤᠮ᠎ᠠ ᠴᠡᠴᠡᠭ
ᠲᠣᠭᠣᠰᠣ ᠰᠢᠷᠤᠢᠨ ᠳ᠋ᠤ᠌ ᠳᠠᠷᠤᠭᠳᠠᠨ
ᠵᠠᠮ ᠤ᠋ᠨ ᠬᠠᠵᠠᠭᠤ ᠳ᠋ᠤ᠌ ᠬᠡᠪᠲᠡᠨ᠎ᠡ
ᠬᠡᠨ ᠲᠡᠭᠦᠨ ᠢ᠋ ᠭᠠᠩᠬᠤᠭᠤᠯᠤᠨ
ᠬᠡᠭᠡᠷ᠎ᠡ ᠶ᠋ᠢᠨ ᠨᠤᠭᠤ ᠠ᠋ᠴᠠ ᠲᠡᠭᠦᠭᠡ ᠪᠣᠯ
ᠬᠡᠷᠬᠢᠨ ᠶᠠᠭᠤᠨ ᠤ᠋ ᠤᠴᠢᠷ ᠠ᠋ᠴᠠ
ᠲᠣᠷᠭᠠᠨ ᠲᠤᠤᠵᠠ ᠪᠠᠷ ᠴᠢᠮᠡᠭᠡ ᠪᠣᠯ
ᠬᠠᠯᠠᠭᠤᠨ ᠢᠨᠠᠭ ᠤ᠋ᠨ ᠪᠣᠯᠵᠣᠭᠠᠨ ᠳ᠋ᠤ᠌ ᠪᠠᠨ
ᠬᠠᠷ᠎ᠠ ᠬᠦᠦ ᠨᠠᠮ᠎ᠠ ᠶ᠋ᠢ ᠰᠡᠳᠬᠢᠭᠡ ᠤᠤ
ᠬᠠᠢᠷᠠᠲᠠᠢ ᠬᠡᠦᠬᠡᠨ ᠢ᠋ᠶ᠋ᠡᠨ ᠢᠷᠡᠬᠦ ᠦᠭᠡᠢ ᠪᠣᠯᠬᠣᠷ
ᠬᠠᠢᠷ᠎ᠠ ᠶ᠋ᠢᠨ ᠴᠡᠴᠡᠭ ᠢ᠋ᠶ᠋ᠡᠨ ᠭᠡᠭᠡᠴᠢᠬᠡ ᠤᠤ
ᠬᠡᠷᠰᠡᠦ ᠵᠠᠯᠠᠭᠤ ᠭᠠᠩᠭᠠᠩ ᠪᠦᠰᠡᠭᠦᠢ
ᠡᠩᠬᠦᠷᠡᠢ ᠲᠡᠭᠦᠨ ᠳ᠋ᠡᠭᠡᠨ ᠡᠷᠭᠦᠭᠡ ᠤᠤ
ᠬᠠᠢᠬᠤᠷᠤᠮᠵᠢ ᠮᠠᠭᠤᠲᠠᠢ ᠭᠤᠸᠠᠯᠢᠭ ᠵᠠᠯᠠᠭᠤ
ᠬᠠᠷᠠᠩᠭᠤᠢ ᠳ᠋ᠤ᠌ ᠭᠠᠷᠬᠤ ᠳ᠋ᠠᠭᠠᠨ ᠬᠠᠶᠠᠴᠢᠬ᠎ᠠ ᠤᠤ
ᠶᠠᠮᠠᠷ ᠲᠡᠦᠬᠡ ᠲᠡᠢ ᠴᠡᠴᠡᠭ ᠪᠣᠢ
ᠶᠠᠭᠠᠬᠢᠭᠠᠳ ᠡᠨᠳᠡ ᠬᠡᠪᠲᠡᠨ᠎ᠡ ᠪᠣᠢ
ᠶᠠᠪᠤᠳᠠᠯ ᠤᠴᠢᠷ ᠢ᠋ᠶ᠋ᠠᠨ ᠲᠣᠭᠠᠴᠢᠨ ᠪᠠᠢᠵᠤ
ᠶᠠᠷᠢᠵᠤ ᠥᠭᠳᠡᠭ ᠴᠦ᠍ ᠪᠣᠯᠤᠭᠠᠰᠠᠢ
ᠶᠠᠪᠤᠳᠠᠯ ᠤᠴᠢᠷ ᠢ᠋ᠶ᠋ᠠᠨ ᠲᠣᠭᠠᠴᠢᠨ ᠪᠠᠢᠵᠤ
ᠶᠠᠷᠢᠵᠤ ᠥᠭᠳᠡᠭ ᠴᠦ᠍ ᠪᠣᠯᠤᠭᠠᠰᠠᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
