ᠲᠡᠮᠡᠭᠡᠨ ᠳᠡᠭᠡᠷ᠎ᠡ ᠡᠴᠡ ᠨᠠᠷᠠᠨ ᠣᠢᠷᠠᠬᠠᠨ -ᠴᠢᠯᠠᠭᠤᠨᠴᠢᠮᠡᠭ ᠭᠦᠷᠦᠪᠠᠳᠠᠮ Temeen deerees naran oirhon-Chuluunchimeg Gurbadam - Тэмээн дээрээс наран ойрхон-Чулуунчимэг Гүрбадам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡᠨ ᠳᠡᠭᠡᠷ᠎ᠡ ᠡᠴᠡ ᠨᠠᠷᠠᠨ ᠣᠢᠷᠠᠬᠠᠨ -ᠴᠢᠯᠠᠭᠤᠨᠴᠢᠮᠡᠭ ᠭᠦᠷᠦᠪᠠᠳᠠᠮ Temeen deerees naran oirhon-Chuluunchimeg Gurbadam - Тэмээн дээрээс наран ойрхон-Чулуунчимэг Гүрбадам

ᠲᠡᠮᠡᠭᠡᠨ ᠳᠡᠭᠡᠷ᠎ᠡ ᠡᠴᠡ ᠨᠠᠷᠠᠨ ᠣᠢᠷᠠᠬᠠᠨ -ᠴᠢᠯᠠᠭᠤᠨᠴᠢᠮᠡᠭ ᠭᠦᠷᠦᠪᠠᠳᠠᠮ Temeen deerees naran oirhon-Chuluunchimeg Gurbadam - Тэмээн дээрээс наран ойрхон-Чулуунчимэг Гүрбадам

ᠠᠩᠭᠢᠯᠠᠯ:ᠳᠠᠭᠤᠤ ᠬᠥᠭᠵᠢᠮ
2026-03-16

1516

ᠲᠡᠮᠡᠭᠡᠨ ᠳᠡᠭᠡᠷ᠎ᠡ  ᠡᠴᠡ ᠨᠠᠷᠠᠨ ᠣᠢᠷᠠᠬᠠᠨ


         ᠦᠭᠡ᠄ ᠵ᠂ ᠱᠠᠭᠳᠠᠷ 
         ᠠᠶ᠎ᠠ᠄ ᠭ᠂ ᠰᠡᠷᠭᠦᠯᠡᠩ 
         ᠳᠠᠭᠤᠴᠢᠨ᠄ ᠴᠢᠯᠠᠭᠤᠨᠴᠢᠮᠡᠭ᠂ ᠭᠦᠷᠦᠪᠠᠳᠮ᠎ᠠ 

 ᠰᠣᠨᠢᠬᠠᠨ ᠵᠡᠷᠭᠡᠯᠭᠡᠨᠲᠦ ᠭᠣᠪᠢ ᠮᠢᠨᠢ 
 ᠰᠣᠯᠣᠩᠭ᠎ᠠ  ᠶ᠋ᠢᠨ ᠳᠣᠯᠣᠭᠠᠨ ᠥᠩᠭᠡ ᠲᠠᠢ ᠳ᠋ᠠ ᠬᠦ᠋  
 ᠰᠣᠯᠪᠢᠶ᠎ᠠ ᠬᠦᠷᠡᠩ ᠠᠳᠠ ᠮᠢᠨᠢ ᠠ᠋ ᠬᠦ᠋  
 ᠰᠠᠷ᠎ᠠ  ᠶ᠋ᠢᠨ ᠭᠠᠵᠠᠷ  ᠢ᠋ᠶ᠋ᠠᠨ ᠵᠤᠨᠵᠢᠶ᠎ᠠ  ᠲᠠᠢ ᠳ᠋ᠠ ᠬᠦ᠋ 

 ᠰᠣᠯᠪᠢᠶ᠎ᠠ ᠬᠦᠷᠡᠩ  ᠢ᠋ᠶ᠋ᠡᠨ ᠤᠨᠤᠬᠤᠯᠠᠷ 
 ᠲᠩᠷᠢ  ᠶ᠋ᠢᠨ ᠨᠠᠷᠠᠨ ᠣᠢᠷᠠᠬᠠᠨ ᠳ᠋ᠠ ᠬᠦ᠋ 
 ᠴᠣᠯᠮᠣᠨ ᠴᠢᠮ᠎ᠠ  ᠪᠠᠨ ᠵᠣᠷᠢᠬᠤ  ᠪᠠᠷ  ᠢ᠋ᠶ᠋ᠠᠨ ᠪᠢ 
 ᠨᠠᠷᠠᠨ ᠰᠢᠩᠭᠡᠬᠦ  ᠳ᠋ᠦ᠍ ᠬᠦᠷᠦᠨ᠎ᠡ ᠳ᠋ᠠ ᠬᠦ᠋ 

 ᠵᠠᠭ  ᠤ᠋ᠨ ᠰᠢᠭᠤᠢᠲᠤ ᠭᠣᠪᠢ ᠮᠢᠨᠢ
 ᠽᠠᠨᠪᠤᠯᠢᠩ ᠬᠣᠷᠸ᠎ᠠ  ᠳ᠋ᠤ᠌ ᠠᠯᠳᠠᠷ  ᠲᠠᠢ ᠳ᠋ᠠ ᠬᠦ᠋ 
 ᠽᠠᠨᠳᠠᠨ ᠬᠦᠷᠡᠩ ᠠᠳᠠ ᠮᠢᠨᠢ ᠠ᠋ ᠬᠦ᠋
 ᠵᠠᠮ  ᠤ᠋ᠨ ᠬᠣᠯᠠ  ᠳ᠋ᠠᠭᠠᠨ ᠵᠣᠨᠵᠢᠶ᠎ᠠ  ᠲᠠᠢ ᠳ᠋ᠠ ᠬᠦ᠋ 

 ᠽᠠᠨᠳᠠᠨ ᠬᠦᠷᠡᠩ  ᠢ᠋ᠶ᠋ᠡᠨ ᠤᠨᠤᠬᠤᠯᠠᠷ
 ᠲᠩᠷᠢ  ᠶ᠋ᠢᠨ ᠰᠠᠷᠠᠨ ᠣᠢᠷᠠᠬᠠᠨ ᠳ᠋ᠠ ᠬᠦ᠋ 
 ᠵᠠᠶᠠᠭ᠎ᠠ ᠲᠠᠪᠢᠯᠠᠩᠲᠤ ᠴᠢᠮ᠎ᠠ  ᠲᠠᠢ  ᠪᠠᠨ ᠪᠢ
ᠰᠠᠷᠠᠨ ᠭᠡᠢᠬᠦ ᠪᠡᠷ ᠤᠴᠠᠷᠠᠨ᠎ᠠ ᠳ᠋ᠠ ᠬᠦ᠋ 

ᠰᠢᠵᠢᠷᠳᠡᠨ ᠲᠤᠶᠠᠭᠠᠷᠠᠬᠤ ᠭᠣᠪᠢ ᠮᠢᠨᠢ
ᠰᠢᠨᠡᠬᠡᠨ ᠠᠢᠯ ᠰᠢᠬ ᠥᠩᠭᠡ ᠲᠡᠢ ᠳ᠋ᠠ ᠬᠦ᠋ 
ᠰᠢᠷᠡᠭᠡ ᠠᠲᠠᠨ ᠤ᠋ ᠮᠠᠨᠢ ᠵᠣᠨᠵᠢᠶᠠᠨ ᠳ᠋ᠤ᠌ ᠨᠢ ᠬᠦ᠋ 
ᠲᠩᠷᠢ ᠶ᠋ᠢᠨ ᠬᠠᠶᠠᠭ᠎ᠠ ᠳᠡᠯᠭᠡᠰᠦ ᠲᠡᠢ ᠳ᠋ᠠ ᠬᠦ᠋ 

ᠵᠠᠭ ᠤ᠋ᠨ ᠰᠢᠭᠤᠢᠲᠤ ᠭᠣᠪᠢ ᠮᠢᠨᠢ
ᠽᠠᠨᠪᠤᠯᠢᠩ ᠬᠣᠷᠸ᠎ᠠ ᠳ᠋ᠤ᠌ ᠠᠯᠳᠠᠷ ᠲᠠᠢ ᠳ᠋ᠠ ᠬᠦ᠋ 
ᠽᠠᠨᠳᠠᠨ ᠬᠦᠷᠡᠩ ᠠᠳᠠ ᠮᠢᠨᠢ ᠠ᠋ ᠬᠦ᠋
ᠵᠠᠮ ᠤ᠋ᠨ ᠬᠣᠯᠠ ᠳ᠋ᠠᠭᠠᠨ ᠵᠣᠨᠵᠢᠶ᠎ᠠ ᠲᠠᠢ ᠳ᠋ᠠ ᠬᠦ᠋ 
ᠽᠠᠨᠳᠠᠨ ᠬᠦᠷᠡᠩ ᠠᠳᠠ ᠮᠢᠨᠢ ᠠ᠋ ᠬᠦ᠋
ᠵᠠᠮ ᠤ᠋ᠨ ᠬᠣᠯᠠ ᠳ᠋ᠠᠭᠠᠨ ᠵᠤᠨᠵᠢᠶ᠎ᠠ ᠲᠠᠢ ᠳ᠋ᠠ ᠬᠦ᠋ 

 ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ