ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠠᠭᠠᠯᠳᠤᠭᠤᠯᠤᠯ ᠪᠦᠯᠦᠭ-5> Сүлдийн соёлын судлал – Минжуур<дагалдуулал бүлэг -5
ᠳᠠᠭᠠᠯᠳᠤᠭᠤᠯᠤᠯ ᠪᠦᠯᠦᠭ᠂ ᠬᠢᠨᠠᠨ ᠦᠨᠡᠯᠡᠯᠲᠡ ᠶᠢᠨ ᠵᠣᠬᠢᠶᠠᠯ
ᠵᠢᠭᠠᠬᠠᠨ ᠦᠨᠡᠯᠡᠯᠲᠡ ᠪᠠ ᠵᠥᠪᠯᠡᠯᠭᠡ
ᠸᠠᠩᠴᠤᠭ ᠪᠠᠭᠰᠢ ᠶ᠋ᠢᠨ ᠨᠠᠢᠳᠠᠯᠭ᠎ᠠ ᠪᠠᠷ ᠲᠡᠮᠦᠷ · ᠮᠢᠩᠵᠤᠣᠷ ᠤ᠋ᠨ 《ᠲᠢᠶᠧ ᠹᠠᠨ ᠭᠠᠨ ᠭᠡᠳᠡᠭ ᠶᠠᠭᠤᠮ᠎ᠠ ᠪᠣᠯ ᠡᠷᠲᠡᠨ ᠦ᠌ ᠮᠣᠩᠭᠣᠯᠴᠤᠳ ᠤ᠋ᠨ ᠠᠯᠠᠭ ᠰᠦᠯᠳᠡ ᠮᠥᠨ》᠂《ᠰᠦᠯᠳᠡ ᠪᠣᠯ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠦ᠋ᠨ ᠡᠳ᠋ ᠮᠥᠨ》᠂ 《ᠶᠡᠬᠡ ᠶᠤᠸᠠᠨ ᠤᠯᠤᠰ ᠤ᠋ᠨ ᠠᠯᠠᠭ ᠰᠦᠯᠳᠡ》᠁ ᠵᠡᠷᠭᠡ ᠮᠣᠩᠭᠣᠯ ᠬᠢᠲᠠᠳ ᠬᠣᠶᠠᠷ ᠬᠡᠯᠡᠨ ᠦ᠌ ᠥᠭᠦᠯᠡᠯ ᠦ᠋ᠳ ᠢ᠋ ᠤᠩᠰᠢᠯ᠎ᠠ᠃ ᠬᠡᠳᠦᠨᠲᠡ ᠤᠩᠰᠢᠭᠠᠳ ᠡᠳᠡᠭᠡᠷ ᠢ᠋ ᠰᠠᠢᠨ ᠪᠢᠴᠢᠵᠡᠢ ᠭᠡᠮᠡᠨ ᠪᠣᠳᠣᠯ᠎ᠠ᠃ ᠪᠢ ᠡᠨᠡ ᠬᠢᠷᠢ ᠪᠢᠴᠢᠵᠦ ᠴᠢᠳᠠᠬᠤ ᠦᠭᠡᠢ ᠰᠢᠦ ᠳᠡ᠃
ᠮᠢᠩᠵᠤᠤᠷ ᠭᠤᠸᠠᠢ ᠰᠡᠳᠬᠢᠴᠡ ᠶ᠋ᠢᠨ ᠴᠡᠭᠡᠯ ᠠᠭᠤᠳᠠᠮ᠂ ᠵᠣᠷᠢᠭ ᠰᠥᠰᠥ ᠲᠡᠢ᠂ ᠥᠪᠡᠷ ᠦ᠋ᠨ ᠦᠨᠳᠦᠰᠦᠲᠡᠨ ᠦ᠌ ᠪᠡᠨ ᠲᠡᠦᠬᠡ ᠰᠣᠶᠣᠯ ᠳ᠋ᠤ᠌ ᠪᠠᠬᠠᠲᠠᠢ᠂ ᠠᠵᠢᠯᠴᠢ ᠭᠢᠷᠠᠬᠠᠢ᠂ ᠰᠢᠨᠵᠢᠯᠡᠬᠦ ᠤᠬᠠᠭᠠᠨᠴᠢ ᠰᠤᠳᠤᠯᠭᠠᠨ ᠤ᠋ ᠵᠠᠮ ᠢ᠋ ᠵᠢᠷᠤᠮᠯᠠᠨ᠂ ᠪᠠᠯᠠᠷᠬᠠᠢ ᠶᠠᠭᠤᠮ᠎ᠠ ᠶ᠋ᠢ ᠲᠣᠳᠣᠯᠠᠨ ᠰᠢᠨ᠎ᠡ ᠤᠴᠢᠷ ᠶᠠᠪᠤᠳᠠᠯ ᠢ᠋ ᠳᠤᠷᠠᠳᠬᠤ ᠪᠠᠷ ᠮᠡᠷᠡᠢᠳᠡᠭ ᠪᠢᠴᠢᠭ ᠦ᠋ᠨ ᠬᠥᠮᠦᠨ ᠦ᠌ ᠨᠢᠭᠡ ᠨᠢ ᠪᠠᠢᠨ᠎ᠠ ᠳᠠ ᠭᠡᠮᠡᠨ ᠪᠢᠰᠢᠷᠡᠯ᠎ᠡ᠃ ᠡᠨᠡ ᠨᠢ ᠲᠤᠰ ᠬᠥᠮᠦᠨ 《ᠶᠤᠸᠠᠨ ᠤᠯᠤᠰ ᠤ᠋ᠨ ᠲᠡᠦᠬᠡ》 ᠶ᠋ᠢᠨ ᠬᠢᠲᠠᠳ ᠪᠢᠴᠢᠭ ᠬᠠᠷ᠎ᠠ ᠠ᠋ᠴᠠ ᠮᠣᠩᠭᠣᠯ ᠬᠠᠭᠠᠨᠲᠤ ᠲᠥᠷᠥ ᠶ᠋ᠢᠨ ᠲᠤᠭ (ᠰᠦᠯᠳᠡ) ᠯᠤᠭ᠎ᠠ ᠬᠣᠯᠪᠣᠭᠳᠠᠬᠤ ᠶᠠᠭᠤᠮᠠᠰ ᠢ᠋ ᠭᠢᠷᠠᠬᠠᠢᠯᠠᠨ ᠬᠠᠢᠵᠤ ᠱᠦᠭᠦᠵᠦ ᠶᠠᠭᠤᠮ᠎ᠠ ᠣᠯᠵᠤ ᠥᠨᠥ ᠶ᠋ᠢᠨ ᠬᠥᠮᠦᠰ ᠲᠦ᠍ ᠮᠡᠳᠡᠭᠦᠯᠬᠦ ᠪᠡᠷ ᠬᠡᠳᠦ ᠬᠡᠳᠦᠨ ᠥᠭᠦᠯᠡᠯ ᠪᠢᠴᠢᠭᠰᠡᠨ ᠡᠴᠡ ᠮᠡᠳᠡᠭᠳᠡᠵᠦ ᠪᠠᠢᠨ᠎ᠠ᠃
ᠮᠢᠩᠵᠤᠤᠷ ᠭᠤᠸᠠᠢ ᠶ᠋ᠢᠨ ᠥᠭᠦᠯᠡᠯ ᠦ᠋ᠳ ᠮᠣᠩᠭᠣᠯ᠂ ᠬᠢᠲᠠᠳ ᠢ᠋ᠶ᠋ᠠᠷ ᠪᠢᠴᠢᠵᠦ ᠰᠣᠨᠢᠨ ᠰᠡᠳᠬᠦᠯ ᠳ᠋ᠦ᠍ ᠨᠡᠢᠲᠡᠯᠡᠭᠰᠡᠨ ᠵᠣᠬᠢᠶᠠᠯ ᠤ᠋ᠳ ᠪᠣᠯᠬᠤᠯ᠎ᠠ ᠬᠡᠯᠡᠮᠡᠷ ᠶᠠᠭᠤᠮ᠎ᠠ ᠦᠭᠡᠢ ᠭᠡᠳ ᠸᠠᠩ ᠪᠠᠭᠰᠢ ᠳ᠋ᠤ᠌ ᠡᠳᠡᠭᠡᠷ ᠮᠠᠲ᠋ᠧᠷᠢᠶᠠᠯ ᠢ᠋ ᠨᠢ ᠪᠤᠴᠠᠭᠠᠵᠤ ᠦᠭᠭᠦᠶ᠎ᠡ ᠭᠡᠮᠡᠨ ᠰᠠᠨᠠᠯ᠎ᠠ᠃ ᠪᠢ ᠴᠢᠳᠠᠯ ᠦᠭᠡᠢ᠂ ᠮᠡᠳᠡᠯᠭᠡ ᠪᠣᠯᠪᠠᠰᠤᠷᠠᠯ ᠠᠨᠠᠢ ᠳ᠋ᠠᠭᠠᠨ ᠢᠩᠭᠢᠭᠰᠡᠨ ᠢ᠋ ᠮᠢᠨᠢ ᠢᠲᠡᠭᠡᠬᠦ ᠦᠭᠡᠢ ᠭᠤᠶᠤᠬᠤ ᠳ᠋ᠤ᠌ ᠮᠠᠭᠤ ᠡᠪᠦᠭᠡᠨ ᠵᠠᠯᠬᠠᠭᠤᠷᠠᠵᠤ ᠲᠦᠯᠬᠢᠯᠡ ᠭᠡᠮᠡᠨ ᠭᠣᠮᠣᠳᠠᠬᠤ ᠠ᠋ᠴᠠ ᠵᠣᠪᠠᠵᠤ᠂ ᠠᠯᠠᠭ ᠲᠤᠭ (ᠰᠦᠯᠳᠡ) ᠲᠡᠢ ᠬᠣᠯᠪᠣᠭᠳᠠᠬᠤ ᠵᠠᠷᠢᠮ ᠤᠴᠢᠷ ᠤ᠋ᠨ ᠲᠤᠬᠠᠢ ᠥᠪᠡᠷ ᠦ᠋ᠨ ᠱᠦᠷᠬᠡᠢ ᠪᠣᠳᠣᠯ ᠢ᠋ᠶ᠋ᠠᠨ ᠳᠡᠯᠭᠡᠵᠦ ᠯᠠᠪᠯᠠᠯᠲᠠ ᠪᠣᠯᠭᠠᠯ᠎ᠠ᠃
ᠮᠣᠩᠭᠣᠯᠴᠤᠳ ᠤ᠋ᠨ ᠰᠦᠯᠳᠡ ᠭᠡᠭᠴᠢ ᠶᠠᠭᠤ ᠪᠣᠢ
ᠴᠢᠩ ᠤᠯᠤᠰ ᠤ᠋ᠨ ᠰᠠᠢᠰᠢᠶᠠᠯᠲᠤ ᠢᠷᠦᠭᠡᠯᠲᠦ ᠶ᠋ᠢᠨ ᠦᠶ᠎ᠡ ᠳ᠋ᠦ᠍ ᠮᠠᠨᠵᠤ ᠭᠦᠷᠦᠨ ᠦ᠌ ᠶᠡᠬᠡ ᠵᠤᠷᠭᠠᠨ ᠠ᠋ᠴᠠ ᠶᠡᠬᠡ ᠵᠣᠣ ᠶ᠋ᠢᠨ ᠴᠢᠭᠤᠯᠭᠠᠨ ᠳ᠋ᠤ᠌ ᠪᠢᠴᠢᠭ ᠢᠷᠡᠭᠦᠯᠵᠦ ᠲᠠᠨ ᠤ᠋ ᠲᠡᠨᠳᠡ ᠲᠠᠬᠢᠵᠤ ᠪᠦᠬᠦᠢ ᠰᠦᠯᠳᠡ ᠭᠡᠭᠴᠢ ᠶᠠᠭᠤ ᠪᠣᠢ ᠭᠡᠮᠡᠨ ᠤᠴᠢᠷᠯᠠᠨ ᠠᠰᠠᠭᠤᠵᠠᠢ᠃ ᠡᠭᠦᠨ ᠦ᠌ ᠬᠠᠷᠢᠭᠤ ᠳ᠋ᠤ᠌ ᠶᠡᠬᠡ ᠵᠣᠣ ᠶ᠋ᠢᠨ ᠴᠢᠭᠤᠯᠭᠠᠨ ᠠ᠋ᠴᠠ ᠡᠵᠡᠨ ᠬᠣᠲᠠᠨ᠎ᠠ ᠡᠷᠭᠦᠭᠰᠡᠨ ᠠᠢᠯᠠᠳᠬᠠᠯ ᠪᠢᠴᠢᠭ ᠲᠡᠭᠡᠨ 《ᠰᠦᠯᠳᠡ ᠬᠡᠮᠡᠭᠴᠢ ᠡᠷᠲᠡᠨ ᠦ᠌ ᠮᠣᠩᠭᠣᠯᠴᠤᠳ ᠤ᠋ᠨ ᠴᠡᠷᠢᠭ ᠦ᠋ᠨ ᠲᠤᠭ ᠪᠣᠯᠠᠢ》 ᠭᠡᠮᠡᠨ ᠬᠠᠷᠢᠭᠤᠯᠵᠠᠢ᠃ᠶᠡᠬᠡ ᠵᠣᠣ ᠶ᠋ᠢᠨ ᠴᠢᠭᠤᠯᠭᠠᠨ ᠤ᠋ ᠨᠣᠶᠠᠳ ᠲᠦᠰᠢᠮᠡᠳ ᠡᠳᠦᠢ ᠲᠡᠳᠦᠢ ᠪᠢᠴᠢᠭ ᠬᠠᠷ᠎ᠠ ᠶ᠋ᠢ ᠬᠠᠢᠵᠤ ᠪᠢᠴᠢᠭᠡᠴᠢ ᠨᠠᠷ ᠲᠠᠢ ᠪᠠᠨ ᠵᠥᠪᠯᠡᠵᠦ ᠠᠢᠯᠠᠳᠬᠠᠯ ᠡᠷᠭᠦᠭᠰᠡᠨ ᠪᠠᠢᠬ᠎ᠠ ᠠ᠋᠃ ᠡᠨᠡ ᠬᠡᠯᠡᠭᠰᠡᠨ ᠨᠢ 《ᠮᠣᠩᠭᠣᠯ ᠤ᠋ᠨ ᠨᠢᠭᠤᠴᠠ ᠲᠣᠪᠴᠢᠶᠠᠨ》 ᠤ᠋ ᠲᠡᠮᠳᠡᠭᠯᠡᠯ ᠲᠡᠢ ᠵᠣᠬᠢᠴᠠᠵᠤ ᠪᠣᠢ᠃
ᠠᠯᠠᠭ ᠲᠤᠭ(ᠰᠦᠯᠳᠡ) ᠭᠡᠰᠡᠨ ᠨᠡᠷᠡᠢᠳᠦᠯ ᠦ᠋ᠨ ᠲᠤᠬᠠᠢ
《ᠠᠯᠲᠠᠨ ᠣᠷᠳᠣᠨ ᠤ᠋ ᠲᠠᠬᠢᠯᠭ᠎ᠠ》 ᠳ᠋ᠠᠭᠠᠨ ᠣᠲᠣᠭ ᠬᠤᠰᠢᠭᠤᠨ ᠤ᠋ ᠮᠠᠯᠠᠳ᠂ ᠴᠠᠭᠠᠨᠲᠣᠯᠤᠭᠠᠢ ᠵᠡᠷᠭᠡ ᠭᠠᠵᠠᠷ ᠤ᠋ᠨ ᠬᠥᠮᠦᠰ ᠦ᠋ᠨ ᠬᠡᠯᠡᠭᠰᠡᠨ ᠢ᠋ ᠢᠲᠡᠭᠡᠵᠦ᠂ 《ᠠᠯᠠᠭ ᠭᠡᠰᠡᠨ ᠨᠢ ᠸᠴᠢᠷ ᠵᠠᠯᠮ᠎ᠠ ᠳ᠋ᠤ᠌ ᠨᠢ ᠣᠳᠣ ᠰᠢᠭᠢᠳᠬᠡᠵᠦ ᠠᠯᠠᠭᠯᠠᠨ ᠲᠣᠳᠣᠳᠬᠠᠭᠰᠠᠨ ᠠ᠋ᠴᠠ ᠠᠯᠠᠭ ᠰᠦᠯᠳᠡ ᠭᠡᠵᠦ ᠭᠡᠨ᠎ᠡ》 ᠭᠡᠮᠡᠨ ᠪᠢᠴᠢᠭᠰᠡᠨ ᠨᠢ ᠣᠨᠣᠪᠴᠢᠲᠠᠢ ᠲᠠᠢᠯᠪᠤᠷᠢ ᠪᠢᠰᠢ᠃《ᠮᠣᠩᠭᠣᠯ ᠲᠠᠬᠢᠯᠭ᠎ᠠ》 ᠳ᠋ᠠᠭᠠᠨ ᠵᠠᠯᠠᠷᠠᠭᠤᠯᠵᠠᠢ᠃《ᠠᠯᠲᠠᠨ ᠣᠷᠳᠣᠨ ᠤ᠋ ᠳᠠᠢᠯᠭ᠎ᠠ》 ᠪᠠᠨ ᠬᠡᠪᠯᠡᠭᠦᠯᠦᠭᠰᠡᠨ ᠦ᠌ ᠬᠣᠢᠨ᠎ᠠ ᠠᠯᠠᠭ ᠲᠤᠭ (ᠰᠦᠯᠳᠡ) ᠶ᠋ᠢᠨ ᠲᠤᠬᠠᠢ ᠡᠳᠦᠢ ᠲᠡᠳᠦᠢ ᠰᠤᠷᠪᠤᠯᠵᠢ ᠪᠢᠴᠢᠭ ᠬᠠᠷ᠎ᠠ ᠶ᠋ᠢ ᠣᠯᠵᠤ ᠦᠵᠡᠭᠡᠳ ᠠᠯᠠᠭ ᠭᠡᠰᠡᠨ ᠨᠢ ᠲᠤᠭ (ᠰᠦᠯᠳᠡ) ᠶ᠋ᠢᠨ ᠮᠠᠨᠵᠢᠯᠭ᠎ᠠ ᠶ᠋ᠢ ᠴᠠᠭᠠᠨ ᠬᠠᠷ᠎ᠠ ᠠᠵᠢᠷᠭᠠᠳ ᠤ᠋ᠨ ᠳᠡᠯ ᠢ᠋ᠶ᠋ᠡᠷ ᠬᠢᠭᠰᠡᠨ ᠡᠴᠡ ᠨᠡᠷᠡᠯᠡᠭᠰᠡᠨ ᠨᠢ ᠪᠠᠲᠤᠲᠠᠢ ᠪᠣᠯᠬᠤ ᠶ᠋ᠢ ᠮᠡᠳᠡᠵᠡᠢ᠃ ᠣᠲᠣᠭ ᠬᠤᠰᠢᠭᠤᠨ ᠤ᠋ ᠴᠠᠭᠠᠨᠲᠣᠯᠤᠭᠠᠢ ᠳ᠋ᠤ᠌ ᠲᠠᠬᠢᠵᠤ ᠪᠠᠢᠭᠰᠠᠨ ᠠᠯᠠᠭ ᠰᠦᠯᠳᠡ (ᠲᠤᠭ) ᠢ᠋ ᠢᠷᠭᠡᠨ ᠤᠯᠤᠰ ᠤ᠋ᠨ ᠬᠣᠷᠢᠭᠠᠳ ᠣᠨ ᠳ᠋ᠤ᠌ ᠮᠡᠷᠭᠡᠨᠪᠠᠭᠠᠲᠤᠷ ᠠᠪᠤᠭᠠᠢ ᠣᠴᠢᠵᠤ ᠦᠵᠡᠵᠡᠢ᠃ ᠡᠷᠳᠡᠮᠲᠡᠨ ᠮᠡᠷᠭᠡᠨᠪᠠᠭᠠᠲᠤᠷ 《ᠡᠷᠳᠡᠨᠢ ᠶ᠋ᠢᠨ ᠲᠣᠪᠴᠢ》 ᠶ᠋ᠢ ᠬᠡᠪᠯᠡᠭᠦᠯᠦᠭᠰᠡᠨ ᠦ᠌ ᠠᠷᠤ ᠳ᠋ᠤ᠌ ᠨᠢ 《ᠡᠬᠡ ᠳᠡᠪᠲᠡᠷ ᠦ᠋ᠨ ᠲᠤᠬᠠᠢ》 ᠭᠡᠳᠡᠭ ᠥᠭᠦᠯᠡᠯ ᠳ᠋ᠡᠭᠡᠨ 《ᠣᠲᠣᠭ ᠬᠤᠰᠢᠭᠤᠨ ᠤ᠋ ᠠᠯᠠᠭ ᠰᠦᠯᠳᠡ ᠬᠠᠷ᠎ᠠ ᠴᠠᠭᠠᠨ ᠬᠥᠬᠥᠯ ᠵᠢᠷ ᠴᠢᠮᠡᠭᠰᠡᠨ ᠰᠦᠯᠳᠡ》 ᠬᠡᠮᠡᠵᠡᠢ᠃ ᠮᠡᠷᠭᠡᠨᠪᠠᠭᠠᠲᠤᠷ ᠠ᠋ᠴᠠ ᠬᠣᠢᠰᠢ ᠲᠠᠪᠢ ᠭᠠᠷᠤᠢ ᠵᠢᠯ ᠤᠨ ᠬᠣᠢᠨ᠎ᠠ ᠨᠠᠮᠠᠶ᠋ᠢ ᠡᠨᠡ ᠨᠤᠲᠤᠭ ᠲᠤ᠌ ᠬᠦᠷᠬᠦ ᠳ᠋ᠦ᠍ ᠠᠯᠠᠭ ᠲᠤᠭ(ᠰᠦᠯᠳᠡ) ᠶ᠋ᠢᠨ ᠲᠠᠬᠢᠯᠭ᠎ᠠ ᠲᠠᠪᠢᠭ ᠨᠢ ᠵᠣᠭᠰᠣᠭᠠᠳ ᠳᠥᠴᠢᠭᠡᠳ ᠵᠢᠯ ᠪᠣᠯᠵᠤ᠂ ᠠᠯᠠᠭ ᠰᠦᠯᠳᠡ ᠶ᠋ᠢ ᠨᠢ 1956 ᠣᠨ ᠳ᠋ᠤ᠌ ᠳᠡᠭᠡᠷ᠎ᠡ ᠡᠴᠡ ᠬᠥᠮᠦᠨ ᠢᠷᠡᠵᠦ ᠴᠢᠩᠭᠢᠰ ᠦ᠋ᠨ ᠣᠩᠭᠣᠨ ᠳ᠋ᠤ᠌ ᠠᠪᠠᠴᠢᠵᠤ ᠲᠠᠯᠪᠢᠨ᠎ᠠ ᠭᠡᠳ ᠠᠪᠴᠤ ᠶᠠᠪᠤᠵᠠᠢ ᠭᠡᠵᠡᠭᠡᠪᠡ᠃ ᠴᠢᠩᠭᠢᠰ ᠦ᠋ᠨ ᠣᠩᠭᠣᠨ ᠳ᠋ᠤ᠌ ᠲᠠᠯᠪᠢᠵᠤ ᠪᠠᠢᠭᠰᠠᠨ ᠠᠯᠠᠭ ᠰᠦᠯᠳᠡ ᠶ᠋ᠢᠨ ᠮᠠᠨᠵᠢᠯᠠᠭ᠎ᠠ ᠨᠢ ᠬᠡᠭᠡᠷ ᠠᠵᠢᠷᠭᠠᠨ ᠳᠡᠯ ᠪᠠᠢᠯ᠎ᠠ᠃ ᠣᠳᠣ ᠴᠠᠭᠠᠨᠲᠣᠯᠤᠭᠠᠢ ᠨᠤᠲᠤᠭ ᠤ᠋ᠨ ᠬᠥᠮᠦᠰ ᠠᠯᠠᠭ ᠰᠦᠯᠳᠡ (ᠲᠤᠭ) ᠢ᠋ᠶ᠋ᠠᠨ ᠰᠡᠷᠭᠦᠭᠡᠨ ᠲᠠᠬᠢᠵᠤ ᠮᠡᠷᠭᠡᠨᠪᠠᠭᠠᠲᠤᠷ ᠪᠠᠭᠰᠢ ᠶ᠋ᠢᠨ ᠬᠡᠯᠡᠭᠰᠡᠨ ᠨᠢ ᠵᠥᠪ ᠭᠡᠮᠡᠨ ᠮᠠᠨᠵᠢᠯᠭ᠎ᠠ ᠶ᠋ᠢ ᠴᠠᠭᠠᠨ᠂ ᠬᠠᠷ᠎ᠠ ᠠᠵᠢᠷᠭᠠᠨ ᠤ᠋ ᠳᠡᠯ ᠢ᠋ᠶ᠋ᠡᠷ ᠬᠢᠵᠡᠢ᠃
ᠭᠢᠯᠣᠪᠠᠷ ᠲᠤ᠌ ᠳᠣᠯᠣᠭᠠᠨ ᠪᠤᠷᠬᠠᠨ ᠣᠳᠣᠨ ᠤ᠋ ᠳᠦᠷᠰᠦ ᠶ᠋ᠢ ᠤᠷᠠᠯᠠᠭᠰᠠᠨ ᠲᠤᠬᠠᠢ
ᠣᠲᠣᠭ᠂ ᠬᠠᠩᠭᠢᠨ᠂ ᠦᠦᠰᠢᠨ ᠬᠣᠰᠢᠭᠤ ᠪᠠᠷ ᠠᠯᠠᠭ ᠲᠤᠭ (ᠰᠦᠯᠳᠡ) ᠲᠠᠬᠢᠵᠤ ᠪᠠᠢᠭᠰᠠᠨ ᠬᠥᠮᠦᠰ ᠡᠴᠡ ᠡᠨᠡ ᠬᠦ᠌ ᠣᠳᠣᠨ ᠤ᠋ ᠲᠤᠬᠠᠢ ᠠᠰᠠᠭᠤᠨ ᠰᠤᠷᠪᠤᠯᠵᠢᠯᠠᠬᠤ ᠳ᠋ᠤ᠌ ᠪᠢᠳᠡ ᠮᠡᠳᠡᠬᠦ ᠦᠭᠡᠢ᠂ ᠳᠡᠭᠡᠳᠦ ᠶ᠋ᠢᠨ ᠳᠡᠭᠡᠳᠦ ᠦᠶ᠎ᠡ ᠶ᠋ᠢᠨ ᠪᠣᠭᠳᠠ ᠮᠡᠷᠭᠡᠳ ᠡᠢᠮᠦ ᠡᠳ᠋ ᠦᠢᠯᠡᠳᠦᠭᠰᠡᠨ ᠢ᠋ ᠮᠠᠨᠤᠰ ᠵᠢᠷᠤᠮᠯᠠᠨ ᠦᠢᠯᠡᠳᠴᠦ ᠲᠠᠬᠢᠵᠤ ᠰᠢᠲᠦᠭᠰᠡᠭᠡᠷ ᠢᠷᠡᠵᠡᠢ ᠬᠡᠮᠡᠵᠡᠭᠡᠵᠡᠢ᠃ ᠡᠨᠡ ᠬᠦ᠌ ᠣᠳᠣᠨ ᠤ᠋ ᠲᠤᠬᠠᠢ ᠨᠣᠮ ᠲᠠᠢ ᠪᠠᠭᠰᠢ ᠨᠠᠷ ᠠ᠋ᠴᠠ ᠯᠠᠪᠯᠠᠬᠤ ᠳ᠋ᠤ᠌ ᠳᠣᠯᠣᠭᠠᠨ ᠪᠤᠷᠬᠠᠨ ᠣᠳᠣᠨ ᠤ᠋ ᠲᠤᠬᠠᠢ ᠲᠥᠪᠡᠳ᠂ ᠬᠢᠲᠠᠳ ᠤ᠋ᠨ ᠵᠢᠷᠤᠬᠠᠢ ᠶ᠋ᠢᠨ ᠳᠣᠷᠪᠢᠲᠠᠢ ᠨᠣᠮ ᠦᠦᠨ ᠪᠠᠢᠳᠠᠭ ᠭᠡᠨ᠎ᠡ᠂ ᠪᠠᠨᠳᠢᠳᠠ ᠭᠡᠭᠡᠨ ᠸᠠᠩᠵᠢᠯ(ᠭᠣᠮᠪᠣᠮ ᠬᠡᠢᠳ ᠲᠦ᠍ ᠠᠷᠪᠠ ᠭᠠᠷᠤᠢ ᠵᠢᠯ ᠨᠣᠮ ᠤ᠋ᠨ ᠪᠢᠰᠢᠯᠭᠠᠯ ᠬᠢᠵᠦ ᠡᠨᠡᠳᠬᠡᠭ᠂ ᠨᠧᠫᠠᠯ᠂ ᡀᠠᠰᠠ ᠪᠠᠷ ᠶᠠᠪᠤᠵᠤ ᠭᠣᠮᠪᠣᠮ ᠬᠡᠢᠳ ᠤᠨ ᠵᠦᠳᠪᠠ ᠯᠠᠮᠠ ᠶ᠋ᠢᠨ ᠰᠢᠷᠡᠭᠡᠨ ᠳ᠋ᠦ᠍ ᠰᠠᠭᠤᠵᠤ ᠪᠠᠢᠭᠰᠠᠨ ᠠᠢᠬᠤᠪᠲᠤᠷ ᠨᠣᠮ ᠲᠠᠢ ᠬᠥᠮᠦᠨ) ᠪᠠᠭᠰᠢ ᠮᠣᠩᠭᠣᠯᠴᠤᠳ ᠰᠢᠷ᠎ᠠ ᠶ᠋ᠢᠨ ᠱᠠᠰᠢᠨ ᠢ᠋ ᠶᠡᠬᠡ ᠪᠡᠷ ᠰᠢᠲᠦᠭᠰᠡᠨ ᠡᠴᠡ ᠮᠠᠨᠢ ᠲᠤᠭ ᠰᠦᠯᠳᠡ ᠶ᠋ᠢᠨ ᠰᠢᠲᠦᠯᠭᠡ ᠪᠢᠰᠢᠷᠡᠯ ᠳ᠋ᠦ᠍ ᠪᠤᠷᠬᠠᠨ ᠤ᠋ ᠱᠠᠰᠢᠨ ᠤ᠋ ᠶᠠᠭᠤᠮ᠎ᠠ ᠨᠡᠪᠴᠢᠵᠡᠢ᠃ ᠳᠣᠯᠣᠭᠠᠨ ᠪᠤᠷᠬᠠᠨ ᠣᠳᠣᠨ ᠤ᠋ ᠤᠴᠢᠷ ᠢ᠋ ᠬᠡᠳᠦᠬᠡᠨ ᠦᠭᠡ ᠪᠡᠷ ᠬᠡᠯᠡᠭᠡᠳ ᠪᠣᠯᠴᠢᠬᠠᠬᠤ ᠪᠢᠰᠢ᠂ 《ᠳᠣᠯᠣᠭᠠᠨ ᠪᠤᠷᠬᠠᠨ ᠣᠳᠣᠨ ᠵᠢᠷᠤᠬᠠᠢ 》᠂《ᠳᠣᠯᠣᠭᠠᠨ ᠪᠤᠷᠬᠠᠨ ᠣᠳᠣᠨ ᠲᠠᠢᠯᠪᠤᠷᠢ》᠂ 《ᠳᠣᠯᠣᠭᠠᠨ ᠪᠤᠷᠬᠠᠨ ᠣᠳᠣᠨ ᠰᠠᠩ 》᠂ 《ᠳᠣᠯᠣᠭᠠᠨ ᠪᠤᠷᠬᠠᠨ ᠣᠳᠣᠨ ᠮᠠᠭᠲᠠᠭᠠᠯ》 ᠵᠡᠷᠭᠡ ᠨᠣᠮ ᠤ᠋ᠳ ᠪᠣᠢ᠃ ᠳᠣᠯᠣᠭᠠᠨ ᠪᠤᠷᠬᠠᠨ ᠣᠳᠣᠨ ᠢ᠋ ᠰᠦᠯᠳᠡ ᠶ᠋ᠢᠨ ᠬᠢᠯᠣᠪᠠᠷ ᠲᠤ᠌ ᠰᠢᠭᠢᠳᠬᠡᠵᠦ ᠤᠷᠠᠯᠠᠭᠰᠠᠨ ᠨᠢ 《ᠦᠷ᠎ᠡ ᠦᠨᠳᠦᠰᠦ ᠪᠠᠲᠤ ᠲᠣᠭᠲᠠᠵᠤ᠂ ᠠᠯᠢᠪᠠ ᠭᠠᠢ ᠪᠠᠷᠴᠢᠳ ᠢ᠋ ᠵᠠᠢᠯᠠᠭᠤᠯ》 ᠭᠡᠵᠦ ᠪᠡᠯᠭᠡᠳᠡᠭᠰᠡᠨ ᠪᠠᠢᠬ᠎ᠠ ᠬᠡᠮᠡᠵᠡᠢ᠃
ᠠᠯᠠᠭ ᠰᠦᠯᠳᠡ ᠶ᠋ᠢᠨ ᠮᠠᠨᠵᠢᠯᠭ᠎ᠠ ᠶ᠋ᠢ ᠶᠠᠭᠤᠨ ᠳ᠋ᠤ᠌
ᠴᠠᠭᠠᠨ᠂ ᠬᠠᠷ᠎ᠠ ᠥᠩᠭᠡ ᠶ᠋ᠢᠨ ᠬᠥᠬᠥᠯ ᠢ᠋ᠶ᠋ᠡᠷ ᠬᠢᠭᠰᠡᠨ ᠪᠣᠢ
《ᠠᠯᠲᠠᠨ ᠣᠷᠳᠣᠨ ᠤ᠋ ᠲᠠᠬᠢᠯᠭ᠎ᠠ》 ᠪᠠᠨ ᠬᠡᠪᠯᠡᠭᠦᠯᠦᠭᠰᠡᠨ ᠦ᠌ ᠳᠠᠷᠠᠭ᠎ᠠ ᠥᠷᠥᠨᠡᠳᠠᠬᠢᠨ ᠤ᠋ ᠨᠣᠮ ᠤ᠋ᠨ ᠰᠠᠩ ᠤ᠋ᠳ ᠲᠤ᠌ ᠬᠠᠳᠠᠭᠠᠯᠠᠵᠤ ᠪᠠᠢᠭᠰᠠᠨ 《ᠠᠯᠠᠭ ᠰᠦᠯᠳᠡ ᠶ᠋ᠢᠨ ᠰᠠᠩ》᠂ 《ᠠᠯᠠᠭ ᠰᠦᠯᠳᠡ ᠶ᠋ᠢᠨ ᠥᠴᠢᠭ》 ᠢ᠋ ᠣᠯᠵᠤ ᠤᠩᠰᠢᠯ᠎ᠠ᠃ ᠪᠠᠰᠠ ᠪᠡᠭᠡᠵᠢᠩ ᠦ᠋ᠨ ᠬᠠᠭᠠᠨ ᠤ᠋ ᠣᠷᠳᠣᠨ ᠤ᠋ ᠨᠣᠮ ᠤ᠋ᠨ ᠰᠠᠩ ᠳ᠋ᠠᠬᠢ ᠴᠢᠩ ᠤᠯᠤᠰ ᠤ᠋ᠨ ᠦᠶ᠎ᠡ ᠶ᠋ᠢᠨ ᠮᠣᠩᠭᠣᠯ ᠪᠢᠴᠢᠭ ᠬᠠᠷ᠎ᠠ ᠶ᠋ᠢᠨ ᠳᠣᠲᠣᠷ᠎ᠠ ᠠᠯᠠᠭ ᠲᠤᠭ (ᠰᠦᠯᠳᠡ) ᠶ᠋ᠢᠨ ᠤᠴᠢᠷ ᠲᠠᠢ ᠬᠣᠯᠪᠣᠭᠳᠠᠬᠤ ᠪᠢᠴᠢᠭ ᠬᠠᠷ᠎ᠠ ᠪᠠᠢᠭᠰᠠᠨ ᠢ᠋ ᠣᠯᠵᠤ ᠤᠩᠰᠢᠭᠠᠳ ᠠᠯᠠᠭ ᠲᠤᠭ (ᠰᠦᠯᠳᠡ) ᠶ᠋ᠢᠨ ᠲᠤᠬᠠᠢ ᠣᠢᠯᠠᠭᠠᠯᠲᠠ ᠵᠦᠭᠡᠷ ᠪᠣᠯᠵᠠᠢ᠃ ᠡᠵᠡᠨ ᠬᠣᠷᠣᠭ᠎ᠠ ᠬᠤᠰᠢᠭᠤᠨ ᠤ᠋ ᠮᠣᠩᠭᠣᠯᠴᠤᠳ ᠤ᠋ᠨ ᠣᠪᠣᠭ ᠢ᠋ ᠪᠦᠷᠢᠳᠬᠡᠵᠦ᠂ ᠣᠷᠳᠣᠰ ᠬᠥᠮᠦᠰ ᠦ᠋ᠨ ᠣᠪᠣᠭ ᠤ᠋ᠨ ᠢᠷᠡᠯᠲᠡ ᠶ᠋ᠢᠨ ᠤᠴᠢᠷ᠂ ᠡᠳᠡᠭᠡᠷ ᠦ᠋ᠨ ᠢᠵᠠᠭᠤᠷ ᠰᠢᠲᠦᠯᠭᠡ ᠪᠢᠰᠢᠷᠡᠯ᠂ ᠲᠠᠬᠢᠯᠭ᠎ᠠ ᠮᠥᠷᠭᠥᠯ ᠦ᠋ᠨ ᠵᠠᠩ ᠦᠢᠯᠡ ᠶ᠋ᠢ ᠣᠢᠯᠠᠭᠠᠬᠤ ᠳᠤᠮᠳᠠ ᠠᠯᠠᠭ ᠲᠤᠭ (ᠰᠦᠯᠳᠡ) ᠶ᠋ᠢᠨ ᠮᠠᠨᠵᠢᠯᠭ᠎ᠠ ᠶ᠋ᠢ ᠴᠠᠭᠠᠨ᠂ ᠬᠠᠷ᠎ᠠ ᠥᠩᠭᠡ ᠶ᠋ᠢᠨ ᠳᠡᠯ ᠢ᠋ᠶ᠋ᠡᠷ ᠬᠢᠭᠰᠡᠨ ᠲᠤᠬᠠᠢ ᠢᠵᠠᠭᠤᠷ ᠰᠣᠶᠣᠯ ᠪᠡᠯᠭᠡᠳᠡᠯ ᠦ᠋ᠨ ᠥᠪ ᠪᠣᠯᠬᠤ ᠶᠠᠭᠤᠮᠠᠨ ᠠ᠋ᠴᠠ ᠡᠢᠮᠦ ᠲᠡᠢᠮᠦ ᠶᠠᠭᠤᠮ᠎ᠠ ᠮᠡᠳᠡᠵᠦ ᠠᠪᠤᠯ᠎ᠠ᠃
ᠣᠷᠳᠣᠰ ᠮᠣᠩᠭᠣᠯᠴᠤᠳ ᠤ᠋ᠨ ᠶᠡᠬᠡ ᠣᠪᠣᠭ ᠤ᠋ᠨ ᠨᠢᠭᠡ ᠨᠢ ᠪᠣᠯᠬᠤ᠂ ᠲᠥᠯᠥᠩᠭᠦᠰ(ᠳᠠᠭᠤᠳᠠᠭᠠᠴᠢ) ᠣᠪᠣᠭᠲᠠᠨ ᠪᠣᠢ᠃ ᠳᠠᠭᠤᠳᠠᠭᠠᠴᠢ ᠶ᠋ᠢᠨ ᠣᠩᠭᠣᠨ ᠰᠢᠲᠦᠭᠡᠨ ᠨᠢ 《ᠣᠭ᠌ᠶᠤ ᠨᠢᠳᠦᠲᠡᠢ᠂ ᠢᠰᠡᠭᠡᠢ ᠪᠡᠷ ᠪᠦᠲᠡᠭᠡᠭᠰᠡᠨ ᠵᠡᠭᠦᠨ ᠬᠣᠢᠲᠤ ᠵᠦᠭ ᠲᠦ᠍ ᠰᠠᠭᠠᠲᠠᠵᠤ ᠪᠠᠷᠠᠭᠤᠨ ᠣᠷᠣᠭᠰᠢ ᠬᠠᠨᠳᠤᠵᠤ ᠬᠠᠷ᠎ᠠ ᠯᠤᠤ᠂ ᠰᠢᠷ᠎ᠠ ᠯᠤᠤ ᠪᠦᠰᠡᠯᠡᠵᠦ ᠰᠠᠭᠠᠲᠠᠭᠰᠠᠨ ᠰᠢᠲᠦᠭᠡᠨ ᠭᠡᠨ᠎ᠡ (ᠵᠢᠶᠦ᠋ᠨ ᠸᠠᠩ ᠤ᠋ᠨ ᠬᠤᠰᠢᠭᠤᠨ ᠤ᠋ ᠢᠷᠭᠡᠨ ᠤᠯᠤᠰ ᠤ᠋ᠨ ᠦᠶ᠎ᠡ ᠳ᠋ᠦ᠍ ᠬᠣᠰᠢᠭᠤ ᠶᠠᠮᠤᠨ ᠪᠢᠴᠢᠭᠡᠴᠢ ᠪᠠᠢᠭᠰᠠᠨ ᠳᠠᠯᠠᠨᠲᠠᠢ ᠨᠠᠰᠤᠲᠠᠨ ᠬᠠᠷ᠎ᠠ ᠯᠤᠤ᠂ ᠴᠠᠭᠠᠨ ᠯᠤᠤ ᠭᠡᠵᠡᠢ)》᠂ ᠡᠳᠡᠨ ᠦ᠌ ᠰᠢᠲᠦᠭᠡᠨ ᠨᠢ ᠡᠷᠲᠡ ᠤᠵᠠᠭᠤᠷ ᠲᠤ᠌ ᠴᠡᠭᠡᠵᠢ ᠪᠡᠷ ᠢ᠋ᠶ᠋ᠡᠨ ᠨᠢᠭᠡ ᠡᠷ᠎ᠡ᠂ ᠨᠢᠭᠡ ᠡᠮ᠎ᠡ ᠬᠥᠮᠦᠨ ᠦ᠌ ᠠᠷᠠᠰᠤ ᠶ᠋ᠢ ᠵᠥᠪ ᠪᠤᠷᠤᠭᠤ ᠪᠠᠷ ᠪᠦᠰᠡᠯᠡᠵᠦ ᠪᠠᠢᠵᠤ ᠭᠡᠨ᠎ᠡ᠃ ᠳᠠᠭᠤᠳᠠᠭᠠᠴᠢ ᠨᠤᠭᠤᠳ ᠰᠢᠷ᠎ᠠ ᠶ᠋ᠢᠨ ᠱᠠᠰᠢᠨ ᠢ᠋ ᠰᠢᠲᠦᠬᠦ ᠳ᠋ᠦ᠍ ᠬᠠᠷ᠎ᠠ᠂ ᠰᠢᠷ᠎ᠠ ᠬᠣᠶᠠᠷ ᠯᠤᠤ ᠢᠷᠡᠵᠦ ᠡᠷ᠎ᠡ ᠡᠮ᠎ᠡ ᠬᠣᠶᠠᠷ ᠠᠷᠠᠰᠤ ᠶ᠋ᠢ ᠨᠢ ᠵᠠᠯᠭᠢᠭᠠᠳ ᠵᠥᠪ ᠪᠤᠷᠤᠭᠤ ᠪᠠᠷ ᠴᠡᠭᠡᠵᠢ ᠶ᠋ᠢ ᠨᠢ ᠪᠦᠰᠡᠯᠡᠵᠦ ᠬᠡᠪᠲᠡᠭᠰᠡᠨ ᠶᠦᠮ ᠭᠡᠨ᠎ᠡ᠃《ᠬᠠᠷ᠎ᠠ ᠨᠢ ᠬᠠᠷ᠎ᠠ ᠵᠦᠭ ᠦ᠋ᠨ ᠲᠡᠭᠷᠢ ᠶ᠋ᠢᠨ ᠪᠢᠯᠢᠭ ᠦ᠋ᠨ ᠬᠤᠪᠢᠯᠭᠠᠨ᠃ ᠰᠢᠷ᠎ᠠ ᠨᠢ ᠰᠢᠷ᠎ᠠ ᠶ᠋ᠢᠨ ᠱᠠᠰᠢᠨ ᠤ᠋ ᠠᠷᠭ᠎ᠠ ᠶ᠋ᠢᠨ ᠬᠤᠪᠢᠯᠭᠠᠨ》 ᠭᠡᠨ᠎ᠡ᠃ ᠵᠢᠶᠦ᠋ᠨ ᠸᠠᠩ ᠤ᠋ᠨ ᠬᠤᠰᠢᠭᠤᠨ ᠤ᠋ ᠴᠠᠭᠠᠨ ᠰᠤᠪᠤᠷᠭ᠎ᠠ ᠳ᠋ᠠᠬᠢ ᠬᠥᠨᠳᠡᠯᠡᠨ ᠦ᠌ ᠭᠣᠣᠯ ᠢ᠋ᠶ᠋ᠠᠷ ᠨᠢᠭᠡ ᠪᠦᠯᠦᠭ ᠳᠠᠭᠤᠳᠠᠭᠠᠴᠢ ᠠᠢᠯ ᠤ᠋ᠳ ᠪᠠᠢᠵᠠᠢ᠃1968 ᠣᠨ ᠳ᠋ᠤ᠌ ᠪᠢ ᠴᠠᠭᠠᠨ ᠰᠤᠪᠤᠷᠭ᠎ᠠ ᠳ᠋ᠤ᠌ ᠬᠦᠷᠴᠦ ᠳᠠᠭᠤᠳᠠᠭᠠᠴᠢ ᠶ᠋ᠢᠨ ᠤᠴᠢᠷ ᠢ᠋ ᠰᠤᠷᠠᠭᠯᠠᠵᠤ ᠶᠠᠪᠤᠬᠤ ᠳ᠋ᠤ᠌ 71 ᠨᠠᠰᠤᠲᠠᠢ ᠵᠢᠷᠠᠨᠲᠠᠢ ᠭᠤᠸᠠᠢ 《ᠤᠵᠠᠭᠤᠷ ᠲᠤ᠌ ᠬᠥᠨᠳᠡᠯᠡᠨ ᠦ᠌ ᠭᠣᠣᠯ ᠢ᠋ᠶ᠋ᠠᠷ ᠬᠡᠳᠦ ᠬᠡᠳᠦᠨ ᠳᠠᠭᠤᠳᠠᠭᠠᠴᠢ ᠠᠢᠯ ᠪᠠᠢᠭᠰᠠᠨ᠃ ᠮᠠᠨᠠᠢᠬᠢᠨ ᠬᠠᠶᠠᠭ᠎ᠠ ᠬᠠᠶᠠᠭ᠎ᠠ ᠪᠠᠨ ᠳᠡᠷᠡᠯᠡᠵᠦ ᠰᠠᠭᠤᠭᠰᠠᠨ ᠤᠯᠤᠰ ᠤ᠋ᠳ᠂ ᠡᠪᠦᠭᠡ ᠮᠢᠨᠢ ᠪᠠᠭ᠎ᠠ ᠳ᠋ᠠᠭᠠᠨ ᠳᠠᠭᠤᠳᠠᠭᠠᠴᠢ ᠶ᠋ᠢᠨ ᠳ᠋ᠦ᠍ ᠣᠴᠢᠵᠤ ᠬᠠᠨᠠᠨ ᠭᠡᠷ ᠦ᠋ᠨ ᠵᠡᠭᠦᠨ ᠬᠣᠢᠲᠠᠢ ᠲᠣᠯᠣᠭᠠᠢ ᠠ᠋ᠴᠠ ᠨᠢᠭᠡ ᠶᠠᠭᠤᠮ᠎ᠠ ᠤᠶᠠᠴᠢᠬᠠᠭᠰᠠᠨ ᠪᠠᠢᠭᠰᠠᠨ ᠢ᠋ ᠭᠠᠢᠬᠠᠵᠤ᠂ ᠶᠠᠭᠤ ᠶᠤᠮ ᠪᠣᠯ ᠳᠠ ᠭᠡᠮᠡᠨ ᠬᠤᠯᠠᠭᠠᠢᠴᠢ ᠪᠠᠷ ᠪᠥᠰ ᠬᠦᠷᠭᠡ ᠶ᠋ᠢ ᠰᠡᠬᠦᠵᠦ ᠦᠵᠡᠭᠰᠡᠨ ᠳ᠋ᠦ᠍ ᠠᠶᠤᠮᠠᠷ ᠪᠦᠯᠲᠡᠢᠭᠰᠡᠨ ᠨᠢᠳᠦ ᠲᠡᠢ ᠬᠥᠮᠦᠨ ᠰᠢᠭ᠂ ᠴᠢᠳᠬᠥᠷ ᠰᠢᠭ ᠬᠠᠷ᠎ᠠ᠂ ᠴᠠᠭᠠᠨ ᠶᠣᠷᠣᠭ ᠤ᠋ᠨ ᠥᠭᠡᠳᠡᠰᠦ ᠪᠦᠰᠡᠯᠡᠭᠰᠡᠨ ᠶᠠᠭᠤᠮ᠎ᠠ ᠪᠠᠢᠯ᠎ᠠ ᠭᠡᠵᠦ ᠶᠠᠷᠢᠵᠤ ᠪᠠᠢᠭᠰᠠᠨ᠃ ᠡᠨᠡ ᠶᠠᠭᠤᠮ᠎ᠠ ᠪᠠᠨ ᠳᠠᠭᠤᠳᠠᠭᠠᠴᠢ <ᠠᠯᠠᠭ ᠰᠢᠲᠦᠭᠡᠨ> ᠭᠡᠵᠡᠭᠡᠳᠡᠭ᠃ ᠶᠠᠭᠤᠨᠠᠢ ᠬᠠᠷ᠎ᠠ ᠯᠤᠤ᠂ ᠰᠢᠷ᠎ᠠ ᠯᠤᠤ ᠲᠠᠢ ᠪᠣᠯᠴᠢᠬᠠᠪᠠ》 ᠭᠡᠮᠡᠨ ᠬᠠᠭᠤᠴᠢᠯᠠᠵᠠᠢ᠃
ᠲᠥᠯᠥᠩᠭᠦᠰ (ᠳᠠᠭᠤᠳᠠᠭᠠᠴᠢ) ᠶ᠋ᠢᠨ ᠣᠪᠣᠭᠠᠨ ᠳ᠋ᠤ᠌ ᠡᠢᠮᠦ ᠨᠢᠭᠡ ᠵᠠᠩ ᠦᠢᠯᠡ ᠪᠠᠢᠵᠠᠢ᠃《ᠳᠠᠭᠤᠳᠠᠭᠠᠴᠢ ᠶ᠋ᠢᠨ ᠠᠬᠠᠯᠠᠭᠴᠢ ᠪᠠᠷᠠᠭᠤᠨ ᠭᠠᠷ ᠲᠠᠭᠠᠨ ᠲᠡᠭᠷᠢ ᠶ᠋ᠢᠨ ᠰᠤᠮᠤ ᠲᠠᠢ ᠲᠠᠰᠢᠭᠤᠷ ᠢ᠋ᠶ᠋ᠠᠨ ᠪᠠᠷᠢᠵᠤ᠂ ᠣᠯᠠᠨ ᠢ᠋ᠶ᠋ᠠᠨ ᠳᠠᠭᠠᠭᠤᠯᠵᠤ(ᠢᠯᠢᠯᠢ ᠬᠤᠨ! ᠣᠯᠣᠷᠯᠣ᠌ ! ᠭᠡᠮᠡᠨ ᠵᠡᠯᠮ᠎ᠡ ᠶ᠋ᠢᠨ ᠭᠠᠳᠠᠨ᠎ᠠ ᠠ᠋ᠴᠠ ᠳᠣᠲᠣᠭᠰᠢ ᠪᠠᠨ ᠵᠥᠪ ᠢ᠋ᠶ᠋ᠡᠷ ᠭᠤᠷᠪᠠ ᠡᠷᠭᠢᠬᠦ ᠳ᠋ᠦ᠍ ᠭᠤᠷᠪᠠᠨ ᠥᠬᠢᠨ ᠵᠡᠭᠦᠨ ᠭᠠᠷ ᠲᠠᠭᠠᠨ ᠶᠠᠰᠤᠨ ᠵᠡᠭᠦᠦ ᠪᠡᠨ ᠪᠠᠷᠢᠵᠤ ᠵᠠᠯᠮ᠎ᠠ ᠶ᠋ᠢᠨ ᠳᠣᠲᠣᠷ᠎ᠠ ᠠ᠋ᠴᠠ ᠭᠠᠳᠠᠭᠰᠢ ᠪᠠᠨ 《ᠢᠯᠢᠯᠢ ᠬᠤᠨ》 ᠭᠡᠮᠡᠨ ᠬᠠᠰᠬᠢᠷᠤᠨ ᠣᠪᠣᠭ᠎ᠠ ᠪᠠᠨ ᠪᠤᠷᠤᠭᠤ ᠪᠠᠷ ᠭᠤᠷᠪᠠ ᠡᠷᠭᠢᠵᠦ ᠣᠯᠠᠨ ᠲᠠᠢ ᠪᠠᠨ ᠨᠡᠢᠯᠡᠳᠡᠭ)》 ᠪᠠᠢᠵᠠᠢ᠃ ᠲᠥᠯᠥᠩᠭᠦᠰ ᠦ᠋ᠳ ᠦ᠋ᠨ ᠬᠡᠯᠡᠬᠦ ᠪᠡᠷ 《ᠶᠢᠷᠲᠢᠨᠴᠦ ᠶ᠋ᠢᠨ ᠲᠦᠮᠡᠨ ᠪᠣᠳᠠᠰ ᠳᠠᠩ ᠢ᠋ᠶ᠋ᠠᠷ ᠢ᠋ᠶ᠋ᠠᠨ ᠲᠣᠭᠲᠠᠬᠤ ᠶᠣᠰᠣ ᠦᠭᠡᠢ᠂ ᠵᠠᠪᠠᠯ ᠠᠷᠭ᠎ᠠ ᠪᠢᠯᠢᠭ ᠲᠣᠬᠢᠷᠠᠭᠰᠠᠨ ᠡᠰᠡᠷᠭᠦ ᠲᠡᠰᠡᠷᠭᠦ ᠪᠠᠢᠬᠤ ᠶᠣᠰᠣᠲᠠᠢ᠂ ᠵᠥᠪ ᠪᠤᠷᠤᠭᠤ ᠣᠷᠣᠰᠢᠵᠤ᠂ ᠵᠥᠭᠡᠯᠡᠨ ᠬᠠᠲᠠᠭᠤ ᠨᠡᠢᠯᠡᠮᠡᠨᠵᠢᠨ ᠬᠥᠭᠵᠢᠳᠡᠭ 》 ᠭᠡᠨ᠎ᠡ᠃ ᠳᠠᠭᠤᠳᠠᠭᠠᠴᠢ ᠨᠣᠷᠪᠤ ᠨᠠᠰᠤᠲᠠᠨ 《ᠵᠥᠭᠡᠯᠡᠨ ᠨᠢ ᠡᠮ᠎ᠡ ᠪᠡᠯᠭᠡ ᠶ᠋ᠢ ᠵᠢᠭᠠᠵᠤ᠂ ᠬᠠᠲᠠᠭᠤ ᠨᠢ ᠡᠷ᠎ᠡ ᠪᠡᠯᠭᠡ ᠶ᠋ᠢ ᠬᠡᠯᠡᠭᠰᠡᠨ ᠰᠠᠨᠠᠭ᠎ᠠ ᠲᠠᠢ᠂ ᠣᠳᠣ ᠡᠨᠡ ᠦᠭᠡᠨ ᠦ᠌ ᠴᠠᠭᠠᠳᠤ ᠤᠳᠬ᠎ᠠ ᠶ᠋ᠢ ᠮᠡᠳᠡᠬᠦ ᠦᠭᠡᠢ ᠪᠣᠯᠵᠤ ᠪᠠᠢᠨ᠎ᠠ᠃ ᠤᠵᠠᠭᠤᠷ ᠤ᠋ᠨ ᠳᠠᠭᠤᠳᠠᠭᠠᠴᠢ ᠶ᠋ᠢᠨ ᠪᠤᠭᠤᠷᠤᠯᠴᠤᠳ ᠡᠨᠡ ᠶᠠᠭᠤ ᠶ᠋ᠢ ᠬᠡᠯᠡᠭᠰᠡᠨ ᠢ᠋ ᠲᠣᠪ ᠲᠣᠳᠣ ᠮᠡᠳᠡᠴᠢᠬᠡᠳᠡᠭ》 ᠭᠡᠵᠡᠢ᠃ ᠳᠠᠭᠤᠳᠠᠭᠠᠴᠢ ᠣᠪᠣᠭ᠎ᠠ ᠪᠠᠨ ᠳᠠᠬᠢᠴᠢᠬᠠᠭᠠᠳ ᠪᠤᠴᠠᠬᠤ ᠰᠢᠬᠠᠬᠤ ᠳ᠋ᠤ᠌ ᠠᠬ᠍ᠮᠠᠯᠠᠭ᠍ᠴᠢ ᠨᠢ ᠡᠪᠦᠷ ᠡᠴᠡ ᠪᠡᠨ ᠵᠢᠭᠠᠰᠤ ᠵᠢᠷᠤᠭᠰᠠᠨ ᠰᠠᠮᠪᠠᠢ ᠬᠠᠳᠠᠭ ᠤ᠋ᠨ ᠳᠡᠭᠡᠷ᠎ᠡ ᠬᠣᠨᠢᠨ ᠤ᠋ ᠤᠭᠤᠷᠠᠭ ᠰᠡᠭᠦᠯ ᠢ᠋ ᠣᠭᠲᠣᠯᠤᠨ ᠠᠪᠴᠤ ᠲᠠᠯᠪᠢᠭᠠᠳ 《ᠣᠩᠭᠣᠨ ᠰᠢᠲᠦᠭᠡᠨ ᠠᠭᠠᠵᠢᠮ ᠢ᠋ᠶ᠋ᠠᠷ ᠵᠣᠭᠣᠭᠯᠠ》 ᠭᠡᠮᠡᠨ ᠵᠠᠯᠪᠠᠷᠢᠭᠠᠳ ᠣᠪᠣᠭᠠᠨ ᠲᠠᠯᠪᠢᠭᠤᠷ ᠳᠡᠭᠡᠷ᠎ᠡ ᠲᠠᠯᠪᠢᠭᠠᠳ ᠶᠠᠪᠤᠳᠠᠭ ᠪᠠᠢᠵᠠᠢ᠃
ᠠᠯᠠᠭ ᠰᠦᠯᠳᠡ ᠪᠡᠨ ᠶᠠᠭᠠᠬᠢᠵᠤ ᠦᠢᠯᠡᠳᠦᠭᠰᠡᠨ ᠲᠤᠬᠠᠢ 《ᠠᠯᠠᠭ ᠰᠦᠯᠳᠡ ᠶ᠋ᠢᠨ ᠥᠴᠢᠭ》 ᠲᠦ᠍ ᠡᠬᠢᠯᠡᠮᠡᠭᠴᠡ 《ᠬᠣᠶᠠᠷ ᠶᠡᠬᠡ ᠲᠡᠷᠢᠭᠦᠲᠦ ᠦᠯᠢᠭᠡᠷ ᠢ᠋ᠶ᠋ᠡᠷ ᠪᠤᠰᠬᠠᠭᠰᠠᠨ/ ᠪᠤᠳᠠᠨᠴᠠᠷ ᠰᠡᠴᠡᠨ ᠬᠠᠭᠠᠨ ᠢ᠋ᠶ᠋ᠠᠷ / ᠡᠭᠦᠳᠦᠭᠰᠡᠨ ᠪᠣᠭᠳᠠ ᠶ᠋ᠢᠨ ᠰᠦᠯᠳᠡ ᠪᠣᠷᠵᠢᠭᠢᠨ ᠲᠡᠮᠳᠡᠭ》 ᠭᠡᠰᠡᠨ ᠦ᠌ ᠦᠯᠢᠭᠡᠷ ᠪᠣᠯᠭᠠᠭᠰᠠᠨ《ᠬᠣᠶᠠᠷ ᠶᠡᠬᠡ ᠲᠡᠷᠢᠭᠦᠲᠦ》 ᠨᠢ ᠶᠠᠭᠤ ᠪᠣᠢ ᠭᠡᠪᠡᠯ ᠪᠥᠬᠡ ᠮᠥᠷᠭᠥᠯ ᠦ᠋ᠨ ᠴᠠᠭᠠᠨ ᠵᠦᠭ ᠦ᠋ᠨ ᠲᠡᠭᠷᠢ᠂ ᠬᠠᠷ᠎ᠠ ᠵᠦᠭ ᠦ᠋ᠨ ᠲᠡᠭᠷᠢ ᠰᠢᠲᠦᠯᠭᠡ ᠪᠡᠨ ᠴᠠᠭᠠᠨ ᠬᠠᠷ᠎ᠠ ᠳᠡᠯ ᠢ᠋ᠶ᠋ᠡᠷ ᠪᠦᠷᠢᠯᠸ᠎ᠠ ᠪᠣᠯᠭᠠᠵᠤ ᠵᠠᠭᠪᠤᠷᠯᠠᠭᠰᠠᠨ ᠪᠡᠯᠭᠡᠳᠡᠯ᠃ ᠡᠨᠡ ᠨᠢ ᠮᠥᠨ ᠴᠦ᠍ ᠮᠣᠩᠭᠣᠯ ᠤ᠋ᠨ ᠡᠷᠲᠡᠨ ᠦ᠌ ᠪᠥᠬᠡ ᠮᠥᠷᠭᠥᠯ ᠦ᠋ᠨ ᠵᠢᠷᠤᠬᠠᠢ ᠶ᠋ᠢᠨ ᠠᠷᠭ᠎ᠠ ᠪᠢᠯᠢᠭ ᠦ᠋ᠨ ᠤᠬᠠᠭᠠᠨ ᠤ᠋ ᠲᠤᠰᠬᠠᠯ᠂ ᠪᠠᠰᠠ ᠴᠤ᠌ ᠡᠷᠲᠡᠨ ᠦ᠌ ᠮᠣᠩᠭᠣᠯᠴᠤᠳ ᠤ᠋ᠨ ᠪᠡᠯᠭᠡ ᠶ᠋ᠢᠨ ᠰᠣᠶᠣᠯ ᠤ᠋ᠨ ᠥᠪ ᠵᠠᠭᠪᠤᠷ ᠤ᠋ᠨ ᠬᠤᠪᠢᠯᠪᠤᠷᠢ ᠠᠵᠢ᠃ ᠠᠯᠠᠭ ᠰᠦᠯᠳᠡ ᠶ᠋ᠢᠨ ᠮᠠᠨᠵᠢᠯᠠᠭ᠎ᠠ ᠶ᠋ᠢ ᠬᠠᠷ᠎ᠠ᠂ ᠴᠠᠭᠠᠨ ᠳᠡᠯ ᠢ᠋ᠶ᠋ᠡᠷ ᠬᠢᠭᠰᠡᠨ ᠦ᠌ ᠤᠳᠬ᠎ᠠ ᠤᠴᠢᠷ᠂ ᠪᠡᠯᠭᠡᠳᠡᠯ ᠡᠢᠮᠦ ᠪᠠᠢᠬ᠎ᠠ ᠭᠡᠮᠡᠨ ᠪᠣᠳᠣᠵᠤ ᠪᠣᠢ᠃
ᠰᠦᠯᠳᠡ ᠶ᠋ᠢᠨ ᠭᠢᠯᠣᠪᠠᠷ ᠤ᠋ᠨ ᠲᠤᠬᠠᠢ
ᠣᠷᠳᠣᠰ ᠲᠤ᠌ ᠲᠠᠪᠢᠨ ᠬᠡᠳᠦᠨ ᠵᠢᠯ ᠰᠠᠭᠤᠬᠤ ᠳ᠋ᠤ᠌ ᠰᠦᠯᠳᠡ ᠶ᠋ᠢᠨ ᠣᠷᠣᠢ (ᠬᠢᠯᠣᠪᠠᠷ) ᠤ᠋ᠨ ᠲᠤᠬᠠᠢ ᠡᠢᠮᠦ ᠲᠡᠢᠮᠦ ᠭᠡᠮᠡᠨ ᠲᠠᠢᠯᠪᠤᠷᠢ ᠬᠢᠭᠰᠡᠨ ᠪᠤᠭᠤᠷᠤᠯᠴᠤᠳ ᠪᠠ ᠬᠠᠭᠤᠴᠢᠨ ᠪᠢᠴᠢᠭ ᠦ᠋ᠨ ᠬᠥᠮᠦᠰ ᠳᠡᠮᠡᠢ ᠦᠭᠡᠢ᠃ ᠨᠢᠭᠡ ᠡᠷᠳᠡᠮᠲᠡᠨ ᠥᠪᠥᠷ ᠮᠣᠩᠭᠣᠯ ᠤ᠋ᠨ ᠨᠢᠭᠡ ᠰᠡᠳᠬᠦᠯ ᠳᠡᠭᠡᠷ᠎ᠡ ᠰᠦᠯᠳᠡ ᠶ᠋ᠢᠨ ᠣᠷᠣᠢ ᠶ᠋ᠢᠨ ᠬᠢᠯᠤᠪᠠᠷ ᠵᠢᠳᠠ ᠰᠢᠭ ᠶᠠᠭᠤᠮ᠎ᠠ ᠪᠣᠯ ᠡᠷ᠎ᠡ ᠪᠡᠯᠭᠡ ᠶ᠋ᠢᠨ ᠡᠷᠬᠡᠲᠡᠨ ᠦ᠌ ᠵᠠᠭᠪᠤᠷ᠃ᠪᠡᠯᠭᠡ ᠶ᠋ᠢᠨ ᠰᠢᠲᠦᠯᠭᠡ ᠶ᠋ᠢᠨ ᠪᠣᠳᠠᠲᠠᠢ ᠡᠳ᠋ ᠬᠡᠮᠡᠵᠦ ᠨᠡᠯᠢᠶᠡᠳ ᠶᠠᠭᠤᠮ᠎ᠠ ᠥᠭᠦᠯᠡᠭᠰᠡᠨ ᠪᠠᠢᠯ᠎ᠠ᠃ ᠡᠭᠦᠨ ᠦ᠌ ᠵᠣᠬᠢᠶᠠᠯ ᠢ᠋ ᠤᠩᠰᠢᠭᠠᠳ ᠵᠠᠷᠢᠮ ᠶᠠᠭᠤᠮ᠎ᠠ ᠶ᠋ᠢ ᠵᠠᠭᠤᠢ ᠤᠴᠢᠷ ᠶᠣᠰᠣ ᠳᠤᠷᠠᠳᠴᠤ ᠪᠢᠴᠢᠭᠰᠡᠨ ᠰᠢᠭ ᠰᠠᠨᠠᠭᠳᠠᠵᠤ ᠪᠠᠢᠯ᠎ᠠ᠃ ᠤᠷᠵᠢᠨᠤᠨ ᠠ᠋ᠴᠠ ᠪᠢ ᠶᠠᠭᠤᠮ᠎ᠠ ᠪᠢᠴᠢᠬᠦ ᠪᠡᠨ ᠵᠣᠭᠰᠣᠵᠤ ᠨᠣᠮ ᠰᠤᠳᠤᠷ ᠢ᠋ᠶ᠋ᠠᠨ ᠪᠦᠬᠦᠨ ᠢ᠋ ᠴᠢᠩᠭᠢᠰ ᠦ᠋ᠨ ᠣᠩᠭᠣᠨ ᠤ᠋ ᠨᠣᠮ ᠤ᠋ᠨ ᠰᠠᠩ ᠳ᠋ᠤ᠌ ᠬᠦᠷᠭᠡᠵᠦ ᠥᠭᠴᠡᠢ᠃ ᠢᠩᠭᠢᠭᠡᠳ ᠭᠠᠷ ᠲᠤ᠌ ᠡᠨᠡ ᠬᠦ᠌ ᠮᠡᠷᠭᠡᠳ ᠦ᠋ᠨ ᠪᠢᠴᠢᠭᠰᠡᠨ ᠶᠠᠭᠤᠮ᠎ᠠ ᠦᠭᠡᠢ᠃ ᠬᠡᠨ ᠭᠡᠭᠴᠢ ᠬᠥᠮᠦᠨ᠂ ᠠᠯᠢ ᠵᠢᠯ ᠦ᠋ᠨ ᠶᠠᠮᠠᠷ ᠰᠡᠳᠬᠦᠯ ᠳᠡᠭᠡᠷ᠎ᠡ ᠨᠡᠢᠲᠡᠯᠡᠭᠰᠡᠨ ᠢ᠋ ᠬᠡᠯᠡᠬᠦ ᠳ᠋ᠦ᠍ ᠪᠡᠷᠬᠡ ᠪᠣᠯᠵᠠᠢ᠃ ᠡᠢᠮᠦ ᠶᠠᠭᠤᠮ᠎ᠠ ᠪᠢᠴᠢᠭᠰᠡᠨ ᠨᠢ ᠶᠠᠭ ᠦᠨᠡᠨ᠃ ᠴᠢᠩᠭᠢᠰ ᠦ᠋ᠨ ᠣᠩᠭᠣᠨ ᠤ᠋ ᠨᠣᠮ ᠤ᠋ᠨ ᠰᠠᠩ ᠵᠢᠩᠬᠢᠨᠢ ᠠᠰᠢᠭᠯᠠᠯᠲᠠ ᠳ᠋ᠤ᠌ ᠣᠷᠣᠭᠠᠳᠤᠢ᠂ ᠪᠡᠯᠡᠳᠬᠡᠯ ᠠᠵᠢᠯ ᠢ᠋ᠶ᠋ᠠᠨ ᠱᠠᠯᠠᠪᠳᠠᠨ ᠡᠷᠴᠢᠮᠲᠡᠢ ᠬᠢᠵᠦ ᠪᠣᠢ᠃
ᠬᠢᠲᠠᠳ ᠢ᠋ᠶ᠋ᠠᠷ ᠪᠢᠴᠢᠭᠰᠡᠨ ᠥᠭᠦᠯᠡᠯ ᠦ᠋ᠳ ᠢ᠋ ᠤᠩᠰᠢᠭᠠᠳ ᠲᠥᠷᠥᠭᠳᠡᠭᠰᠡᠨ ᠵᠠᠯᠢᠮ ᠦᠭᠡᠢ ᠵᠥᠪᠯᠡᠯᠭᠡ ᠡᠢᠮᠦ ᠪᠠᠢᠨ᠎ᠠ᠃ ᠮᠣᠩᠭᠣᠯ ᠬᠡᠯᠡᠨ ᠳ᠋ᠦ᠍ 《ᠠᠯᠲᠠᠨ ᠬᠢᠯᠢ᠂ ᠠᠯᠲᠠᠨ ᠠᠮᠢ᠂ ᠠᠯᠲᠠᠨ ᠭᠣᠯᠣᠮᠲᠠ》 ᠭᠡᠬᠦ ᠮᠡᠲᠦ ᠶ᠋ᠢᠨ 《ᠠᠯᠲᠠᠨ》 ᠭᠡᠳᠡᠭ ᠦᠭᠡ ᠵᠥᠩᠳᠡᠭᠡᠨ ᠪᠣᠢ᠃ ᠡᠭᠦᠨ ᠢ᠋ ᠬᠢᠲᠠᠳ ᠤ᠋ᠨ 金 ᠭᠡᠳᠡᠭ ᠦᠭᠡ ᠪᠡᠷ ᠣᠷᠴᠢᠭᠤᠯᠤᠨ ᠪᠢᠴᠢᠪᠡᠯ ᠵᠣᠬᠢᠴᠠ ᠪᠠᠷ ᠠᠨᠠᠢ ᠪᠣᠯᠴᠢᠬᠠᠳᠠᠭ ᠶᠠᠪᠤᠳᠠᠯ ᠪᠣᠢ᠃《ᠠᠯᠲᠠᠨ ᠰᠦᠯᠳᠡ》 ᠭᠡᠳᠡᠭ ᠦᠭᠡ ᠶ᠋ᠢ 金苏勒德 ᠭᠡᠪᠡᠯ ᠣᠢᠯᠠᠭᠠᠯᠲᠠ ᠠᠨᠠᠢᠬᠠᠨ ᠳᠠ᠃
ᠰᠠᠢᠨᠵᠢᠷᠭᠠᠯ
(ᠳᠤᠮᠳᠠᠳᠤ ᠤᠯᠤᠰ ᠤ᠋ᠨ ᠠᠷᠠᠳ ᠤ᠋ᠨ ᠵᠣᠬᠢᠶᠠᠯᠴᠢ
ᠤᠷᠠᠯᠢᠭᠴᠢᠳ ᠤ᠋ᠨ ᠨᠡᠢᠭᠡᠮᠯᠢᠭ ᠦ᠋ᠨ ᠭᠡᠰᠢᠭᠦᠨ᠂
ᠳᠤᠮᠳᠠᠳᠤ ᠤᠯᠤᠰ ᠤ᠋ᠨ ᠮᠣᠩᠭᠣᠯ ᠲᠡᠦᠬᠡ ᠶ᠋ᠢᠨ
ᠨᠡᠢᠭᠡᠮᠯᠢᠭ ᠦ᠋ᠨ ᠭᠡᠰᠢᠭᠦᠨ᠂ ᠬᠢᠨᠠᠨ ᠨᠠᠢᠷᠠᠭᠤᠯᠤᠭᠴᠢ)
ᠬᠥᠬᠡᠬᠣᠲᠠᠨ᠎ᠠ
