ᠪᠠᠭᠠᠷᠢᠨ ᠤ᠋ ᠰᠢᠷᠭᠠᠯ ᠨᠠᠮᠤᠷ - ᠰᠠ᠊ · ᠤᠶᠠᠩᠭ᠎ᠠBaaarny shargal namar-Sa ·UyangaБааарны шаргал намар-Са ·Уянга
ᠪᠠᠭᠠᠷᠢᠨ ᠤ᠋ ᠰᠢᠷᠭᠠᠯ ᠨᠠᠮᠤᠷ
ᠰᠢᠯᠦᠭ᠄ ᠸ ·ᠮᠥᠷᠡᠨ
ᠠᠶ᠎ᠠ᠄ ᠰᠡᠴᠡᠨᠴᠣᠭᠲᠤ
ᠳᠠᠭᠤᠴᠢᠨ᠄ ᠰᠠ᠊ · ᠤᠶᠠᠩᠭ᠎ᠠ
ᠠᠢᠯ ᠤ᠋ᠨ ᠪᠠᠷ᠎ᠠ ᠬᠣᠯᠠ ᠶ᠋ᠢᠨ ᠵᠡᠷᠭᠡᠯᠭᠡᠨ ᠳ᠋ᠦ᠍ ᠰᠦᠮᠡᠯᠵᠡᠭᠡᠳ
ᠠᠷᠭᠠᠯ ᠤ᠋ᠨ ᠤᠲᠤᠭ᠎ᠠ ᠵᠢᠪᠠᠷ ᠤᠶᠠᠰᠬᠠᠨ ᠰᠡᠮᠡᠷᠡᠭᠡᠳ
ᠠᠰᠬᠠᠨ ᠳᠠᠷᠬᠠᠨ ᠤᠨᠢᠶᠠᠷ ᠳᠤᠮᠳᠠ ᠪᠠᠨ ᠰᠦᠨᠳᠡᠷᠯᠡᠭᠡᠳ
ᠠᠶᠠᠨ ᠤ᠋ ᠰᠢᠪᠠᠭᠤᠳ ᠨᠢᠰᠦᠨ ᠳᠡᠪᠳᠡᠷᠢᠨ ᠭᠠᠩᠭᠠᠨᠠᠯᠳᠤᠭᠰᠠᠨ
ᠰᠠᠯᠬᠢᠨ ᠤ᠋ ᠠᠶᠠᠰ ᠢ᠋ᠶ᠋ᠠᠷ ᠬᠠᠳᠤᠯᠠᠩ ᠤ᠋ᠨ ᠦᠨᠦᠷ ᠰᠡᠩᠭᠢᠨᠡᠭᠡᠳ
ᠰᠠᠨᠠᠭᠠᠨ ᠤ᠋ ᠦᠵᠦᠭᠦᠷ ᠭᠣᠣᠯ ᠮᠥᠷᠡᠨ ᠮᠡᠯᠮᠡᠷᠡᠭᠡᠳ
ᠰᠠᠢᠷᠠᠮ ᠤ᠋ᠨ ᠬᠥᠨᠳᠡᠢ ᠳ᠋ᠦ᠍ ᠠᠳᠤᠭᠤᠳ ᠢᠨᠴᠠᠭᠠᠨ ᠳᠠᠪᠬᠢᠯᠳᠤᠭᠠᠳ
ᠰᠠᠢᠬᠠᠨ ᠬᠠᠨ ᠮᠢᠨᠢ ᠳᠣᠯᠣᠭᠠᠨ ᠥᠩᠭᠡ ᠪᠡᠷ ᠰᠣᠯᠣᠩᠭᠠᠷᠠᠭᠰᠠᠨ
ᠪᠣᠳᠣᠯ ᠰᠡᠳᠬᠢᠯ ᠢ᠋ ᠮᠢᠨᠢ ᠤᠢᠮᠤᠷᠠᠭᠤᠯᠤᠭᠠᠳ ᠪᠠᠢᠳᠠᠭ ᠨᠢ
ᠪᠠᠭᠠᠷᠢᠨ ᠤ᠋ ᠰᠢᠷᠭᠠᠯ ᠨᠠᠮᠤᠷ ᠶᠤᠮ ᠳᠠ ᠬᠦ
ᠪᠣᠰᠤᠨ ᠰᠠᠭᠤᠬᠤ ᠳ᠋ᠤ᠌ ᠪᠣᠳᠣᠭᠳᠠᠭᠤᠯᠤᠭᠠᠳ ᠪᠠᠢᠳᠠᠭ ᠨᠢ
ᠪᠤᠶᠠᠨᠲᠤ ᠪᠤᠭᠤᠷᠤᠯ ᠬᠣᠶᠠᠷ ᠶᠤᠮ ᠳᠠ ᠬᠦ
ᠪᠣᠲᠣᠭᠣᠨ ᠪᠤᠢᠯᠠᠭᠠᠨ ᠢ᠋ᠶ᠋ᠠᠷ ᠨᠠᠮᠤᠷ ᠤ᠋ᠨ ᠥᠩᠭᠡ ᠭᠥᠨᠰᠢᠭᠡᠳ
ᠪᠤᠯᠠᠭᠠᠨ ᠵᠣ ᠰᠢᠭ᠋ ᠳᠣᠪᠣ ᠲᠤᠯᠤᠭᠠᠳ ᠬᠠᠯᠢᠭᠤᠷᠠᠭᠠᠳ
ᠪᠤᠭᠤᠷᠤᠯ ᠬᠠᠨ( ᠪᠠᠶᠠᠨ ᠬᠠᠨ) ᠮᠢᠨᠢ ᠬᠠᠳᠠᠭ ᠢ᠋ᠶ᠋ᠠᠨ ᠳᠡᠯᠭᠡᠨ ᠰᠦᠮᠪᠦᠷᠯᠡᠭᠡᠳ
ᠪᠤᠲᠠᠷᠠᠬᠤ ᠨᠠᠪᠴᠢᠰ ᠰᠢᠷᠭᠠᠯ ᠨᠠᠮᠤᠷ ᠲᠠᠭᠠᠨ ᠬᠣᠷᠭᠣᠳᠠᠭᠰᠠᠨ
ᠪᠣᠳᠣᠯ ᠰᠡᠳᠬᠢᠯ ᠊ᠢ ᠮᠢᠨᠢ ᠤᠶ᠋ᠢᠮᠤᠷᠠᠭᠤᠯᠤᠭᠠᠳ ᠪᠠᠶ᠋ᠢᠳᠠᠭ ᠨᠢ
ᠪᠠᠭᠠᠷᠢᠨ ᠤ᠋ ᠰᠢᠷᠭᠠᠯ ᠨᠠᠮᠤᠷ ᠶᠤᠮ ᠳᠠ ᠬᠦ
ᠪᠣᠰᠤᠨ ᠰᠠᠭᠤᠬᠤ ᠳ᠋ᠤ᠌ ᠪᠣᠳᠣᠭᠳᠠᠭᠤᠯᠤᠭᠠᠳ ᠪᠠᠢᠳᠠᠭ ᠨᠢ
ᠪᠤᠶᠠᠨᠲᠤ ᠪᠤᠭᠤᠷᠤᠯ ᠬᠣᠶᠠᠷ ᠶᠤᠮ ᠳᠠ ᠬᠦ
ᠪᠤᠶᠠᠨᠲᠤ ᠪᠤᠭᠤᠷᠤᠯ ᠬᠣᠶᠠᠷ ᠶᠤᠮ ᠳᠠ ᠬᠦ
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠰᠣᠨᠢᠨᠪᠠᠶᠠᠷ
