ᠬᠠᠢᠷ᠎ᠠ ᠪᠠᠷ ᠮᠥᠩᠬᠡᠷᠡᠬᠦ ᠮᠢᠨᠦ ᠥᠯᠥᠭᠡᠢ -ᠣᠶᠤᠨᠪᠢᠯᠢᠭ᠌ Хайраар мөнхрөх миний өлгий-Оюунбилэг
ᠬᠠᠢᠷ᠎ᠠ ᠪᠠᠷ ᠮᠥᠩᠬᠡᠷᠡᠬᠦ ᠮᠢᠨᠦ ᠥᠯᠥᠭᠡᠢ
ᠦᠭᠡ᠄ ᠪᠠᠶᠠᠨᠴᠣᠭᠲᠤ
ᠠᠶ᠎ᠠ᠄ ᠰᠠᠷᠭᠠᠢ
ᠳᠠᠭᠤᠴᠢᠨ᠄ ᠣᠶᠤᠨᠪᠢᠯᠢᠭ᠌
ᠳᠤᠨᠢᠶᠠᠷᠠᠩᠬᠠᠨ ᠴᠡᠩᠬᠡᠷᠯᠡᠬᠦ ᠠᠭᠯᠠᠭ ᠠᠭᠤᠯᠠᠨ ᠳ᠋ᠤ᠌ ᠪᠠᠨ
ᠲᠤᠭᠤᠯ ᠢ᠋ᠶ᠋ᠠᠨ ᠬᠠᠷᠢᠭᠤᠯᠤᠭᠰᠠᠨ ᠰᠠᠢᠬᠠᠨ ᠳᠤᠷᠠᠰᠤᠮᠵᠢ ᠲᠠᠢ
ᠲᠣᠯᠢ ᠮᠥᠩᠭᠥᠨ ᠴᠡᠭᠡᠯ ᠦ᠋ᠨ ᠤᠰᠤ ᠨᠢ
ᠬᠤᠷᠠᠭ᠎ᠠ ᠪᠠᠨ ᠤᠰᠤᠯᠠᠭᠰᠠᠨ ᠴᠡᠯᠮᠡᠭ ᠲᠩᠷᠢ ᠠ᠋
ᠳᠠᠭᠤᠤ ᠪᠠᠷ ᠮᠦᠰᠢᠶᠡᠬᠦ ᠡᠩᠬᠡ ᠬᠣᠷᠸ᠎ᠠ ᠳ᠋ᠤ᠌
ᠬᠠᠢᠷ᠎ᠠ ᠪᠠᠷ ᠮᠥᠩᠬᠡᠷᠡᠬᠦ ᠮᠢᠨᠦ ᠥᠯᠥᠭᠡᠢ
ᠦᠷᠡᠰ ᠤᠭᠲᠤᠭᠰᠠᠨ ᠲᠣᠷᠭᠠᠨ ᠲᠠᠯ᠎ᠠ ᠲᠠᠢ
ᠡᠷᠦᠬᠡ ᠪᠡᠨ ᠲᠠᠲᠠᠭᠰᠠᠨ ᠪᠦᠰᠡᠭᠦᠢ ᠶ᠋ᠢᠨ ᠪᠠᠶᠠᠰᠤᠯ ᠲᠠᠢ
ᠦᠳᠡᠰᠢ ᠪᠡᠨ ᠮᠠᠨᠠᠭᠰᠠᠨ ᠮᠥᠩᠭᠥᠨ ᠰᠠᠷᠠᠨ ᠤ
ᠦᠷ᠎ᠡ ᠪᠡᠨ ᠰᠠᠨᠠᠭᠰᠠᠨ ᠡᠵᠢ ᠶ᠋ᠢᠨ ᠮᠥᠷᠥᠭᠡᠳᠦᠯ ᠲᠡᠢ
ᠳᠠᠭᠤᠤ ᠪᠠᠷ ᠮᠦᠰᠢᠶᠡᠬᠦ ᠡᠩᠬᠡ ᠬᠣᠷᠸ᠎ᠠ ᠳ᠋ᠤ᠌
ᠬᠠᠢᠷ᠎ᠠ ᠪᠠᠷ ᠮᠥᠩᠬᠡᠷᠡᠬᠦ ᠮᠢᠨᠦ ᠥᠯᠥᠭᠡᠢ
ᠠᠭᠲᠠ ᠶ᠋ᠢᠨ ᠵᠢᠯᠣᠭᠣ ᠠᠯᠠᠭᠠᠨ ᠠ᠋ᠴᠠ ᠨᠢ ᠬᠠᠩᠬᠤᠯᠤᠭᠰᠠᠨ
ᠠᠳᠤᠭᠤᠴᠢᠨ ᠠᠪᠤ ᠶ᠋ᠢᠨ ᠪᠤᠶᠠᠨ ᠢᠷᠦᠭᠡᠯ ᠲᠡᠢ
ᠠᠢᠷᠠᠭ ᠤ᠋ᠨ ᠳᠡᠭᠡᠵᠢ ᠰᠠᠭᠤᠯᠠᠭᠠᠨ ᠠ᠋ᠴᠠ ᠨᠢ ᠰᠡᠩᠭᠢᠨᠡᠭᠰᠡᠨ
ᠰᠠᠭᠠᠯᠢᠴᠢᠨ ᠡᠵᠢ ᠶ᠋ᠢᠨ ᠰᠠᠴᠤᠯᠢ ᠵᠥᠩᠨᠡᠯ ᠲᠡᠢ
ᠳᠠᠭᠤᠤ ᠪᠠᠷ ᠮᠦᠰᠢᠶᠡᠬᠦ ᠡᠩᠬᠡ ᠬᠣᠷᠸ᠎ᠠ ᠳ᠋ᠤ᠌
ᠬᠠᠢᠷ᠎ᠠ ᠪᠠᠷ ᠮᠥᠩᠬᠡᠷᠡᠬᠦ ᠮᠢᠨᠦ ᠥᠯᠥᠭᠡᠢ
ᠬᠠᠢᠷ᠎ᠠ ᠪᠠᠷ ᠮᠥᠩᠬᠡᠷᠡᠬᠦ ᠮᠢᠨᠦ ᠥᠯᠥᠭᠡᠢ
ᠦᠰᠦᠭ ᠠᠮᠢᠯᠠᠭᠤᠯᠤᠭᠴᠢ᠄ ᠪᠠᠢ· ᠰᠠᠷᠠᠨ᠎ᠠ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ᠄ ᠣᠳᠬᠠᠨᠰᠣ᠎ᠠ
