ᠣᠶᠤᠨᠽᠠᠨᠳᠠᠨ (ᠠᠷᠠᠳ ᠤ᠋ᠨ ᠳᠠᠭᠤᠤ) – ᠳᠠᠭᠤᠴᠢᠨ᠄ ᠲᠠᠮᠤᠷ᠎ᠠ Оюунзандан (ардын дуу) – дуучин᠄ Төмөрөө ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠶᠤᠨᠽᠠᠨᠳᠠᠨ (ᠠᠷᠠᠳ ᠤ᠋ᠨ ᠳᠠᠭᠤᠤ) – ᠳᠠᠭᠤᠴᠢᠨ᠄ ᠲᠠᠮᠤᠷ᠎ᠠ Оюунзандан (ардын дуу) – дуучин᠄ Төмөрөө

ᠣᠶᠤᠨᠽᠠᠨᠳᠠᠨ (ᠠᠷᠠᠳ ᠤ᠋ᠨ ᠳᠠᠭᠤᠤ) – ᠳᠠᠭᠤᠴᠢᠨ᠄ ᠲᠠᠮᠤᠷ᠎ᠠ Оюунзандан (ардын дуу) – дуучин᠄ Төмөрөө

2026-03-13

363

ᠣᠶᠤᠨᠽᠠᠨᠳᠠᠨ (ᠠᠷᠠᠳ ᠤ᠋ᠨ ᠳᠠᠭᠤᠤ)


                       ᠠᠷᠠᠳ ᠤ᠋ᠨ ᠳᠠᠭᠤᠤ  
                       ᠳᠠᠭᠤᠴᠢᠨ᠄ ᠲᠠᠮᠤᠷ᠎ᠠ   

 ᠨᠠᠷᠠᠰᠤᠨ ᠮᠣᠳᠣ ᠴᠢᠨᠢ ᠳᠡ  
 ᠨᠠᠷᠠᠨ ᠤ᠋ ᠪᠠᠨ ᠴᠢᠮᠡᠭ ᠠ᠋ ᠠ ᠬᠠ ᠬᠥ 
 ᠨᠠᠮᠠᠭ᠎ᠠ ᠯᠢᠩᠬᠤ᠎ᠠ ᠴᠡᠴᠡᠭ ᠴᠢᠨᠢ ᠳᠡ 
 ᠨᠠᠭᠤᠷ ᠤ᠋ᠨ ᠢ᠋ᠶ᠋ᠠᠨ ᠴᠢᠮᠡᠭ ᠠ᠋ ᠬᠦ 
 ᠨᠠᠮᠠᠭᠤᠬᠠᠨ ᠲᠥᠷᠥᠭᠰᠡᠨ ᠣᠶᠤᠨᠽᠠᠨᠳᠠᠨ 
 ᠠᠩᠭ᠎ᠠ ᠴᠢᠨᠢ ᠳᠡ ᠠ ᠬᠠ ᠬᠥ 
 ᠨᠠᠭᠠᠳᠴᠤ ᠪᠣᠳᠣᠭᠰᠠᠨ ᠵᠢᠨᠫᠢᠩ ᠬᠡ ᠬᠡ ᠶ᠋ᠢᠨ ᠢ᠋ᠶ᠋ᠡᠨ  
 ᠵᠢᠷᠦᠬᠡᠨ ᠦ᠌ ᠬᠢᠨᠢ ᠴᠢᠮᠡᠭ ᠠ᠋  ᠬᠦ  

 ᠽᠠᠨᠳᠠᠨ ᠰᠠᠢᠬᠠᠨ ᠮᠣᠳᠣ ᠴᠢᠨᠢ ᠳᠡ 
 ᠰᠠᠷᠠᠨ ᠤ᠋ ᠪᠠᠨ ᠴᠢᠮᠡᠭ ᠠ᠋  
 ᠰᠠᠮᠠᠭ᠎ᠠ ᠯᠢᠩᠬᠤ᠎ᠠ ᠴᠡᠴᠡᠭ ᠴᠢᠨᠢ ᠳᠡ 
 ᠰᠠᠭᠤᠭᠰᠠᠨ ᠣᠷᠣᠨ ᠤ᠋ ᠪᠠᠨ ᠴᠢᠮᠡᠭ ᠠ᠋  ᠬᠦ 
 ᠰᠠᠢᠬᠠᠨ ᠲᠥᠷᠥᠭᠰᠡᠨ ᠣᠶᠤᠨᠽᠠᠨᠳᠠᠨ 
 ᠠᠩᠭ᠎ᠠ ᠴᠢᠨᠢ ᠳᠡ  ᠠ ᠬᠠ ᠬᠥ 
 ᠰᠠᠨᠠᠵᠤ ᠪᠣᠳᠣᠭᠰᠠᠨ ᠵᠢᠨᠫᠢᠩ ᠬᠡ ᠬᠡ ᠶ᠋ᠢᠨ ᠢ᠋ᠶ᠋ᠡᠨ  
 ᠵᠢᠷᠦᠬᠡᠨ ᠦ᠌ ᠬᠢᠨᠢ ᠴᠢᠮᠡᠭ ᠠ᠋  ᠬᠦ   

 ᠤᠷᠠᠯᠢᠭ ᠲᠥᠷᠥᠭᠰᠡᠨ ᠣᠶᠤᠨᠽᠠᠨᠳᠠᠨ  
 ᠥᠪᠡᠷ ᠦ᠋ᠨ ᠨᠤᠲᠤᠭ ᠲᠤ ᠪᠠᠨ ᠪᠠᠢᠬᠤ ᠳ᠋ᠤ᠌ ᠠ ᠬᠠ ᠬᠥ 
 ᠤᠰᠤᠨ ᠭᠠᠩ ᠤ᠋ᠨ ᠢᠷᠣᠭᠠᠷ ᠲᠤ ᠨᠢ 
 ᠤᠯᠠᠭᠠᠨ ᠯᠢᠩᠬᠤ᠎ᠠ ᠳᠡᠯᠭᠡᠷᠡᠵᠡᠢ ᠬᠦ 
 ᠤᠷᠠᠯᠢᠭ ᠲᠥᠷᠥᠭᠰᠡᠨ ᠣᠶᠤᠨᠽᠠᠨᠳᠠᠨ 
 ᠲᠠᠪᠤᠨ ᠵᠢᠯᠠᠭ᠎ᠠ ᠠ᠋ᠴᠠ ᠪᠠᠨ ᠨᠡᠭᠦᠭᠡᠳ ᠶᠠᠪᠤᠬᠤ ᠳ᠋ᠤ᠌ ᠠ ᠬᠠ ᠬᠥ 
 ᠤᠰᠤᠨ ᠭᠠᠩ ᠤ᠋ᠨ ᠤᠯᠠᠭᠠᠨ ᠯᠢᠩᠬᠤ᠎ᠠ ᠴᠡᠴᠡᠭ ᠴᠢᠨᠢ  
 ᠬᠠᠲᠠᠭᠠᠳ ᠯᠠ ᠬᠤᠪᠠᠬᠠᠢᠷᠠᠵᠠᠢ ᠬᠦ   

 ᠭᠠᠩᠭ᠎ᠠ ᠮᠥᠷᠡᠨ ᠦ᠌ ᠤᠰᠤ ᠴᠢᠨᠢ ᠳᠡ 
 ᠴᠠᠯᠭᠢᠯᠠᠵᠤ ᠢᠷᠡᠭᠡᠳ ᠤᠷᠤᠰᠤᠨ᠎ᠠ ᠠ ᠬᠠ ᠬᠥ 
 ᠭᠠᠯᠠᠭᠤ ᠪᠣᠯᠤᠭᠠᠳ ᠨᠤᠭᠤᠰᠤ ᠲᠠᠢ ᠪᠠᠨ ᠬᠣᠶᠠᠭᠤᠯᠠ ᠪᠠᠨ  
 ᠭᠠᠩᠭᠠᠷ ᠭᠣᠩᠭᠣᠷ ᠳᠤᠤᠭᠠᠷᠤᠨ᠎ᠠ ᠬᠦ 
 ᠭᠣᠶᠣᠬᠠᠨ ᠲᠥᠷᠥᠭᠰᠡᠨ ᠣᠶᠤᠨᠽᠠᠨᠳᠠᠨ  
 ᠲᠠᠪᠤᠨ ᠵᠢᠯᠠᠭ᠎ᠠ ᠠ᠋ᠴᠠ ᠪᠠᠨ ᠨᠡᠭᠦᠭᠡᠳ ᠶᠠᠪᠤᠬᠤ ᠳ᠋ᠤ᠌ 
 ᠭᠠᠵᠠᠷ ᠤᠰᠤᠨ ᠤ᠋ ᠨᠠᠪᠳᠠᠭ ᠰᠠᠪᠳᠠᠭ ᠨᠢ 
 ᠠᠶ᠎ᠠ ᠶ᠋ᠢ ᠨᠢ ᠳᠠᠭᠠᠭᠠᠳ ᠤᠶᠠᠷᠠᠨ᠎ᠠ ᠬᠦ 
 ᠭᠣᠶᠣᠬᠠᠨ ᠲᠥᠷᠥᠭᠰᠡᠨ ᠣᠶᠤᠨᠽᠠᠨᠳᠠᠨ 
 ᠲᠠᠪᠤᠨ ᠵᠢᠯᠠᠭ᠎ᠠ ᠠ᠋ᠴᠠ ᠪᠠᠨ ᠨᠡᠭᠦᠭᠡᠳ ᠶᠠᠪᠤᠬᠤ ᠳ᠋ᠤ᠌  ᠠ ᠬᠠ ᠬᠥ 
 ᠭᠠᠵᠠᠷ ᠤᠰᠤᠨ ᠤ᠋ ᠨᠠᠪᠲᠠᠭ ᠰᠠᠪᠳᠠᠭ ᠨᠢ  
 ᠠᠶ᠎ᠠ ᠶ᠋ᠢ ᠨᠢ ᠳᠠᠭᠠᠭᠠᠳ ᠤᠶᠠᠷᠠᠨ᠎ᠠ  ᠬᠦ        

        ᠦᠰᠦᠭ ᠬᠠᠳᠠᠭᠴᠢ᠄ ᠮᠣᠩᠭᠣᠯ ᠰᠣᠶᠣᠯ  
          ᠦᠰᠦᠭ ᠠᠮᠢᠯᠠᠭᠤᠯᠤᠭᠴᠢ᠄ ᠮᠣᠩᠭᠣᠯ ᠰᠣᠶᠣᠯ 
           ᠬᠢᠨᠠᠭᠴᠢ᠄ ᠰᠸᠷᠡᠩ