ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠠᠭᠠᠯᠳᠤᠭᠤᠯᠤᠯ ᠪᠦᠯᠦᠭ-4> Сүлдийн соёлын судлал – Минжуур<дагалдуулал бүлэг -4
ᠳᠠᠭᠠᠯᠳᠤᠭᠤᠯᠤᠯ ᠪᠦᠯᠦᠭ᠂ ᠬᠢᠨᠠᠨ ᠦᠨᠡᠯᠡᠯᠲᠡ ᠶᠢᠨ ᠵᠣᠬᠢᠶᠠᠯ
ᠰᠦᠯᠳᠡ ᠶᠢᠨ ᠰᠣᠶᠣᠯ ᠢ ᠤᠯᠠᠮᠵᠢᠯᠠᠨ ᠳᠡᠯᠭᠡᠷᠡᠭᠦᠯᠦᠭᠴᠢ ᠲᠡᠮᠦᠷ ᠣᠪᠣᠭᠲᠤ ᠮᠢᠩᠵᠤᠤᠷ
ᠮᠣᠩᠭᠣᠯᠴᠤᠳ ᠤ᠋ᠨ ᠨᠡᠭᠦᠳᠡᠯ ᠮᠠᠯᠵᠢᠯ ᠤ᠋ᠨ ᠰᠣᠶᠣᠯ ᠪᠣᠯ ᠠᠤᠭ᠎ᠠ ᠶᠡᠬᠡ ᠠᠨᠠᠪᠠᠳ ᠳᠠᠯᠠᠢ ᠶᠤᠮ᠃ ᠳᠡᠯᠡᠬᠡᠢ ᠶ᠋ᠢᠨ ᠡᠯ᠎ᠡ ᠤᠯᠤᠰ ᠤ᠋ᠨ ᠡᠷᠳᠡᠮᠲᠡᠨ ᠰᠤᠳᠤᠯᠭᠠᠴᠢᠳ ᠮᠣᠩᠭᠣᠯ ᠤ᠋ᠨ ᠡᠨᠡ ᠬᠦ᠌ ᠲᠡᠦᠬᠡ ᠰᠣᠶᠣᠯ ᠤ᠋ᠨ ᠳᠠᠯᠠᠢ ᠶ᠋ᠢ ᠣᠯᠠᠨ ᠬᠠᠷᠠᠭᠠᠰᠤ ᠠ᠋ᠴᠠ ᠪᠠᠢᠴᠠᠭᠠᠨ ᠰᠤᠳᠤᠯᠵᠤ᠂ ᠰᠢᠨᠵᠢᠯᠡᠨ ᠲᠠᠨᠢᠯᠴᠠᠭᠤᠯᠵᠤ ᠪᠢᠴᠢᠭᠰᠡᠨ ᠨᠣᠮ ᠪᠢᠴᠢᠭ᠂ ᠥᠭᠦᠯᠡᠯ ᠨᠠᠢᠷᠠᠭᠤᠯᠤᠯ᠂ ᠰᠢᠯᠦᠭ ᠳᠠᠭᠤᠯᠠᠯ ᠲᠠᠯ᠎ᠠ ᠶ᠋ᠢᠨ ᠴᠡᠴᠡᠭ ᠮᠡᠲᠦ ᠥᠨᠢᠷ ᠪᠠᠶᠠᠯᠢᠭ᠂ ᠥᠩᠭᠡ ᠦᠵᠡᠰᠬᠦᠯᠡᠩ! ᠲᠡᠭᠦᠨ ᠦ᠌ ᠳᠤᠮᠳᠠ ᠰᠦᠯᠳᠡ ᠶ᠋ᠢᠨ ᠰᠣᠶᠣᠯ ᠤ᠋ᠨ ᠰᠤᠳᠤᠯᠤᠯ ᠪᠣᠯ ᠨᠢᠭᠡ ᠲᠣᠮᠣ ᠮᠥᠷᠡᠨ ᠪᠣᠯᠵᠤ ᠠᠨᠠᠪᠠᠳ ᠳᠠᠯᠠᠢ ᠳ᠋ᠤ᠌ ᠴᠢᠳᠬᠤᠯᠠᠭᠰᠠᠨ ᠶᠤᠮ᠃ ᠡᠨᠡ ᠬᠦ᠌ ᠮᠥᠷᠡᠨ ᠦ᠌ ᠤᠤᠯ ᠲᠥᠷᠬᠦ ᠶ᠋ᠢ ᠡᠷᠢᠨ ᠬᠠᠷᠢᠵᠤ ᠡᠬᠡ ᠠᠳᠠᠭ ᠢ᠋ ᠨᠢ ᠣᠯᠬᠤ ᠭᠡᠮᠡᠨ ᠠᠮᠢ ᠴᠦᠯᠡᠵᠦ ᠠᠶᠠᠨ ᠬᠥᠭᠡᠭᠡᠭᠰᠡᠨ ᠬᠥᠮᠦᠨ ᠦ᠌ ᠨᠢᠭᠡ ᠪᠣᠯ ᠲᠡᠮᠦᠷ ᠣᠪᠣᠭᠲᠤ ᠮᠢᠩᠵᠤᠤᠷ ᠶᠤᠮ᠃
ᠮᠣᠩᠭᠣᠯ ᠦᠨᠳᠦᠰᠦᠲᠡᠨ ᠦ᠌ ᠰᠦᠯᠳᠡ ᠪᠣᠯ ᠨᠡᠭᠦᠳᠡᠯᠴᠢᠨ᠂ ᠦᠨᠳᠦᠰᠦᠲᠡᠨ ᠦ᠌ ᠶᠡᠬᠡ ᠨᠢᠭᠡᠳᠦᠯ ᠦ᠋ᠨ ᠪᠡᠯᠭᠡ ᠲᠡᠮᠳᠡᠭ᠂ ᠲᠥᠷᠥ ᠪᠡᠨ ᠪᠠᠢᠭᠤᠯᠵᠤ ᠲᠦᠮᠡᠨ ᠢ᠋ᠶ᠋ᠡᠨ ᠡᠩᠬᠡᠵᠢᠭᠦᠯᠦᠭᠰᠡᠨ ᠦ᠌ ᠪᠡᠯᠭᠡ ᠲᠡᠮᠳᠡᠭ᠂ ᠤᠯᠤᠰ ᠲᠥᠷᠥ᠂ ᠠᠵᠤ ᠠᠬᠤᠢ᠂ ᠴᠡᠷᠢᠭ ᠠᠩᠭᠢ᠂ ᠰᠤᠷᠭᠠᠨ ᠬᠥᠮᠦᠵᠢᠯ᠂ ᠰᠢᠨᠵᠢᠯᠡᠬᠦ ᠤᠬᠠᠭᠠᠨ᠂ ᠡᠮ ᠡᠮᠨᠡᠯᠭᠡ᠂ ᠲᠠᠮᠢᠷ ᠤᠷᠠᠯᠢᠭ ᠢ᠋ ᠳᠦᠷᠢᠮᠵᠢᠭᠦᠯᠦᠨ ᠵᠢᠷᠤᠮᠵᠢᠭᠤᠯᠵᠤ ᠨᠢᠭᠡᠨ ᠴᠣᠭᠴᠠ ᠪᠣᠯᠭᠠᠭᠰᠠᠨ ᠤ᠋ ᠪᠡᠯᠭᠡ ᠲᠡᠮᠳᠡᠭ᠂ ᠳᠡᠯᠡᠬᠡᠢ ᠶ᠋ᠢᠨ ᠪᠣᠯᠪᠠᠰᠤᠨ ᠳ᠋ᠤ᠌ ᠮᠣᠩᠭᠣᠯᠴᠤᠳ ᠤ᠋ᠨ ᠨᠡᠮᠡᠷᠢᠯᠡᠭᠰᠡᠨ ᠨᠡᠮᠡᠷᠢ ᠬᠠᠨᠳᠢᠪ ᠢ᠋ ᠭᠡᠷᠡᠴᠢᠯᠡᠭᠰᠡᠨ ᠪᠡᠯᠭᠡ ᠲᠡᠮᠳᠡᠭ ᠶᠦᠮ᠃ ᠲᠡᠢᠮᠦ ᠪᠣᠯᠬᠣᠷ ᠰᠦᠯᠳᠡ ᠶ᠋ᠢᠨ ᠰᠣᠶᠣᠯ ᠪᠣᠯᠤᠨ ᠪᠦᠷᠢᠯᠳᠦᠵᠦ ᠤᠯᠠᠮᠵᠢᠯᠠᠭᠳᠠᠨ ᠳᠡᠯᠭᠡᠷᠡᠭᠰᠡᠨ ᠶᠦᠮ᠃ ᠰᠦᠯᠳᠡ ᠳ᠋ᠦ᠍ ᠥᠨᠢ ᠤᠳᠠᠭᠠᠨ ᠲᠡᠦᠬᠡ ᠲᠡᠢ᠂ ᠡᠯᠪᠡᠭ ᠪᠠᠶᠠᠯᠢᠭ ᠰᠣᠶᠣᠯ ᠤᠨ ᠠᠭᠤᠯᠤᠭᠳᠠᠬᠤᠨ ᠲᠠᠢ ᠪᠣᠯᠬᠤ ᠶ᠋ᠢ ᠮᠢᠩᠵᠤᠤᠷ ᠤ᠋ᠨ ᠰᠤᠳᠤᠯᠭ᠎ᠠ ᠠ᠋ᠴᠠ ᠲᠣᠳᠣᠷᠬᠠᠢ ᠣᠯᠵᠤ ᠬᠠᠷᠠᠨ᠎ᠠ᠃《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠲᠡᠮᠳᠡᠭᠯᠡᠭᠰᠡᠨ ᠴᠠᠭᠠᠨ ᠲᠤᠭ᠂ ᠬᠠᠷ᠎ᠠ ᠲᠤᠭ᠂ ᠠᠯᠠᠭ ᠲᠤᠭ ᠪᠣᠯ ᠮᠣᠩᠭᠣᠯ ᠦᠨᠳᠦᠰᠦᠲᠡᠨ ᠦ᠌ ᠤᠷᠢᠳ ᠭᠠᠷᠤᠭᠠᠳᠤᠢ ᠶᠡᠬᠡ ᠨᠢᠭᠡᠳᠦᠯ ᠦ᠋ᠨ ᠵᠢᠷᠤᠭᠯᠠᠯ᠂ ᠲᠤᠭᠤᠷᠭ᠎ᠠ ᠪᠦᠲᠦᠨ ᠲᠤᠰᠠᠭᠠᠷ ᠲᠣᠭᠲᠠᠨᠢᠯ ᠤ᠋ᠨ ᠲᠤᠩᠬᠠᠭᠯᠠᠯ ᠶᠤᠮ᠃ ᠡᠨᠡ ᠬᠦ᠌ ᠲᠤᠭ ᠤ᠋ᠳ ᠢ᠋ ᠴᠢᠩᠭᠢᠰ ᠬᠠᠭᠠᠨ ᠭᠠᠷ ᠢ᠋ᠶ᠋ᠠᠷ ᠢ᠋ᠶ᠋ᠠᠨ ᠪᠣᠰᠬᠠᠨ ᠥᠷᠯᠥᠭ ᠦ᠋ᠳ ᠢ᠋ᠶ᠋ᠡᠷ ᠢ᠋ᠶ᠋ᠡᠨ ᠰᠠᠬᠢᠭᠤᠯᠵᠤ᠂ ᠲᠣᠭ ᠤᠨ ᠤᠯᠠᠮᠵᠢᠯᠠᠯ ᠵᠠᠯᠭᠠᠮᠵᠢᠯᠠᠯ ᠢ᠋ ᠪᠠᠲᠤᠯᠠᠭᠤᠯᠤᠭᠰᠠᠨ ᠶᠤᠮ᠃ ᠴᠠᠭᠠᠨ ᠲᠤᠭ ᠢ᠋ ᠤᠨᠤᠨ ᠮᠥᠷᠡᠨ ᠦ᠌ ᠬᠥᠪᠡᠭᠡᠨ ᠳ᠋ᠦ᠍᠂ ᠬᠠᠷᠠᠬᠣᠷᠣᠮ ᠤ᠋ᠨ ᠲᠦᠮᠡᠨ ᠠᠮᠤᠭᠤᠯᠠᠩ ᠬᠠᠷᠰᠢ ᠶ᠋ᠢᠨ ᠡᠮᠦᠨᠡᠬᠢ ᠠᠭᠤᠳᠠᠮ ᠲᠠᠯᠠᠪᠠᠢ᠂ ᠱᠠᠩᠳᠤ ᠶ᠋ᠢᠨ ᠭᠣᠣᠯ ᠤ᠋ᠨ ᠳᠡᠭᠡᠳᠦ ᠤᠷᠤᠰᠬᠠᠯ ᠤ᠋ᠨ ᠬᠣᠢᠲᠤ ᠬᠥᠪᠡᠭᠡᠨ ᠳᠡᠭᠡᠷ᠎ᠡ ᠪᠠᠢᠭᠤᠯᠤᠭᠰᠠᠨ ᠬᠤᠪᠢᠯᠠᠢ ᠬᠠᠭᠠᠨ ᠤ᠋ ᠴᠡᠷᠢᠭ ᠦ᠋ᠨ ᠬᠦᠷᠢᠶᠡᠨ ᠦ᠌ ᠲᠥᠪ ᠤᠷᠲᠤ᠂ ᠳᠡᠭᠡᠳᠦ ᠨᠡᠢᠰᠯᠡᠯ ᠬᠣᠲᠠ ᠶ᠋ᠢᠨ ᠶᠡᠬᠡ ᠠᠮᠤᠭᠤᠯᠠᠩ ᠲᠠᠭᠲᠤ ᠪᠣᠯᠤᠨ ᠳᠠᠢᠳᠤ ᠬᠣᠲᠠ ᠶ᠋ᠢᠨ ᠶᠡᠬᠡ ᠭᠡᠭᠡᠨᠲᠦ ᠬᠠᠷᠰᠢ ᠵᠡᠷᠭᠡ ᠴᠢᠬᠤᠯᠠ ᠴᠢᠬᠤᠯᠠ ᠭᠠᠵᠠᠷ ᠤ᠋ᠳ ᠲᠤ᠌ ᠰᠦᠷ ᠵᠢᠪᠬᠤᠯᠠᠩᠲᠠᠢ ᠮᠠᠨᠳᠤᠭᠤᠯᠵᠤ ᠥᠩᠭᠡᠷᠡᠭᠰᠡᠨ ᠶᠦᠮ ᠪᠠᠢᠨ᠎ᠠ᠃ ᠬᠠᠷ᠎ᠠ ᠲᠤᠭ ᠢ᠋ ᠰᠢᠲᠦᠭᠡᠨ ᠢ᠋ᠶ᠋ᠡᠷ ᠲᠠᠬᠢᠵᠤ ᠪᠠᠢᠭᠰᠠᠨ ᠠ᠋ᠴᠠ ᠶᠡᠬᠡ ᠮᠣᠩᠭᠣᠯ ᠤᠯᠤᠰ ᠤ᠋ᠨ ᠴᠡᠷᠢᠭ ᠦ᠋ᠨ ᠲᠤᠭ ᠪᠣᠯᠭᠠᠨ ᠳᠡᠭᠡᠳᠦᠯᠡᠵᠦ᠂ ᠶᠡᠬᠡ ᠶᠤᠸᠠᠨ ᠤᠯᠤᠰ ᠤ᠋ᠨ ᠦᠶ᠎ᠡ ᠳ᠋ᠦ᠍ ᠬᠠᠷ᠎ᠠ ᠲᠤᠭ ᠢ᠋ ᠠᠶᠤᠯᠭᠠᠬᠤᠢ ᠶ᠋ᠢᠨ ᠪᠡᠯᠭᠡᠳᠡᠯ ᠦ᠋ᠨ ᠡᠳ᠋ ᠢ᠋ᠶ᠋ᠡᠷ ᠬᠦᠨᠳᠦᠯᠡᠵᠦ᠂ ᠬᠠᠭᠠᠨ ᠡᠵᠡᠨ ᠬᠣᠶᠠᠷ ᠨᠡᠢᠰᠯᠡᠯ ᠦ᠋ᠨ ᠬᠣᠭᠣᠷᠣᠨᠳᠣ ᠵᠠᠯᠠᠷᠠᠨ ᠶᠠᠪᠤᠬᠤ ᠪᠦᠷᠢ ᠳ᠋ᠡᠭᠡᠨ ᠶᠣᠰᠣᠯᠠᠯ ᠤ᠋ᠨ ᠵᠢᠭᠰᠠᠭᠠᠯ ᠤᠨ ᠡᠮᠦᠨ᠎ᠡ ᠨᠢ ᠮᠠᠨᠳᠤᠭᠤᠯᠵᠤ ᠶᠠᠪᠤᠳᠠᠭ ᠪᠠᠢᠭᠰᠠᠨ ᠶᠤᠮ ᠪᠠᠢᠨ᠎ᠠ᠃ ᠠᠯᠠᠭ ᠰᠦᠯᠳᠡ ᠶ᠋ᠢ ᠶᠤᠸᠠᠨ ᠤᠯᠤᠰ ᠤ᠋ᠨ ᠳᠡᠭᠡᠳᠦ ᠨᠡᠢᠰᠯᠡᠯ ᠦ᠋ᠨ ᠲᠠᠪᠤᠨ ᠦᠵᠡᠮᠵᠢᠲᠦ ᠣᠷᠣᠨ ᠤ᠋ ᠨᠢᠭᠡ ᠪᠣᠯᠬᠤ ᠬᠠᠳᠠᠨᠲᠠᠶ ᠠᠭᠤᠯᠠᠨ ᠤ᠋ ᠣᠷᠣᠢ ᠳ᠋ᠤ᠌ ᠰᠦᠯᠳᠡᠯᠡᠨ ᠪᠤᠰᠬᠠᠵᠤ᠂ ᠲᠥᠷᠥ ᠲᠦᠪᠰᠢᠨ ᠲᠦᠮᠡᠨ ᠠᠮᠤᠭᠤᠯᠠᠩ ᠪᠠᠢᠬᠤ ᠶ᠋ᠢ ᠳᠠᠭᠠᠳᠬᠠᠨ ᠪᠡᠯᠭᠡᠳᠡᠵᠦ ᠪᠠᠢᠭᠰᠠᠨ ᠶᠤᠮ᠃ ᠯᠢᠭᠳᠡᠨ ᠬᠠᠭᠠᠨ ᠮᠣᠩᠭᠣᠯ ᠦᠨᠳᠦᠰᠦᠲᠡᠨ ᠦ᠌ ᠲᠤᠰᠠᠭᠠᠷ ᠲᠣᠭᠲᠠᠨᠢᠯ᠂ ᠶᠡᠬᠡ ᠨᠢᠭᠡᠳᠦᠯ ᠢ᠋ ᠬᠠᠮᠠᠭᠠᠯᠠᠬᠤ ᠭᠡᠮᠡᠨ ᠠᠪᠠᠭ᠎ᠠ ᠬᠠᠷ᠎ᠠ ᠠᠭᠤᠯᠠ ᠶ᠋ᠢᠨ ᠡᠩᠭᠡᠷ ᠲᠦ᠍ ᠲᠤᠭ ᠰᠦᠯᠳᠡ ᠪᠡᠨ ᠬᠤᠷᠤᠢᠯᠠᠨ ᠵᠡᠭᠦᠨᠰᠢ ᠪᠠᠢᠯᠳᠤᠨ ᠪᠠᠷᠠᠭᠤᠨᠰᠢ ᠴᠣᠬᠢᠵᠤ᠂ ᠡᠴᠦᠰ ᠲᠡᠭᠡᠨ ᠠᠯᠲᠠᠨ ᠲᠥᠷᠥ ᠶ᠋ᠢᠨ ᠲᠥᠯᠥᠭᠡ ᠠᠷᠢᠭᠤᠨ ᠴᠢᠰᠤ ᠪᠠᠨ ᠤᠷᠤᠰᠬᠠᠪᠠ᠃ ᠮᠣᠩᠭᠣᠯ ᠤ᠋ᠨ ᠲᠤᠭ ᠰᠦᠯᠳᠡ ᠶ᠋ᠢ ᠡᠷᠭᠦᠵᠦ ᠶᠠᠪᠤᠭᠰᠠᠨ ᠴᠠᠬᠠᠷᠴᠤᠤᠯ ᠢᠯᠠᠭᠳᠠᠯ ᠤ᠋ᠨ ᠭᠠᠰᠢᠭᠤᠨ ᠢ᠋ ᠠᠮᠰᠠᠵᠤ ᠬᠢᠳᠤᠯᠭ᠎ᠠ ᠶ᠋ᠢᠨ ᠠᠶᠤᠯ ᠢ᠋ ᠨᠥᠮᠥᠷᠴᠦ ᠶᠠᠪᠤᠭᠰᠠᠭᠠᠷ ᠣᠷᠳᠣᠰ ᠤ᠋ᠨ ᠪᠠᠯᠠᠷ ᠡᠯᠡᠰᠦ ᠪᠢᠲᠡᠭᠦᠦ ᠰᠢᠭᠤᠢ ᠳ᠋ᠤ᠌ ᠲᠤᠭ ᠰᠦᠯᠳᠡ ᠪᠡᠨ ᠨᠢᠭᠤᠨ ᠳᠠᠯᠳᠠᠯᠠᠵᠤ ᠬᠡᠢᠮᠣᠷᠢᠯᠠᠨ ᠳᠠᠬᠢᠭ᠍ᠰᠠᠭᠠᠷ ᠡᠳᠦᠭᠡ ᠳ᠋ᠦ᠍ ᠬᠦᠷᠦᠭᠰᠡᠨ ᠪᠢᠯᠡ᠃
ᠰᠦᠯᠳᠡ ᠶ᠋ᠢ ᠰᠤᠳᠤᠯᠤᠭᠴᠢᠳ ᠥᠪᠡᠷ ᠥᠪᠡᠷ ᠦ᠋ᠨ ᠦᠵᠡᠯᠲᠡ ᠵᠣᠭᠰᠣᠯᠲᠠ᠂ ᠬᠦᠰᠡᠯ ᠱᠠᠭᠠᠷᠳᠠᠯᠭ᠎ᠠ᠂ ᠬᠡᠷᠡᠭᠴᠡᠭᠡ ᠴᠢᠬᠤᠯᠠᠴᠢᠯᠠᠯ ᠠ᠋ᠴᠠ ᠪᠠᠨ ᠪᠣᠯᠵᠤ᠂ ᠶᠠᠩᠵᠤ ᠶᠠᠩᠵᠤ ᠪᠠᠷ ᠲᠠᠢᠯᠪᠤᠷᠢᠯᠠᠨ ᠶᠠᠷᠢᠵᠤ᠂ ᠣᠯᠠᠨ ᠲᠠᠯ᠎ᠠ ᠶ᠋ᠢᠨ ᠰᠤᠳᠤᠯᠭ᠎ᠠ ᠥᠷᠨᠢᠭᠦᠯᠵᠦ ᠶᠠᠪᠤᠨ᠎ᠠ᠃ᠡᠭᠦᠨ ᠳ᠋ᠦ᠍ ᠱᠠᠰᠢᠨ ᠤ᠋ ᠥᠩᠭᠡ ᠪᠣᠳᠣᠭ ᠣᠷᠤᠭᠤᠯᠤᠭᠰᠠᠳ ᠪᠣᠢ᠂ ᠬᠠᠷᠭᠢᠰ ᠬᠡᠷᠴᠡᠭᠡᠢ ᠶ᠋ᠢᠨ ᠳᠣᠭᠰᠢᠨ ᠳᠦᠷᠢ ᠨᠡᠮᠡᠷᠢᠯᠡᠭᠰᠡᠳ ᠪᠣᠢ᠂ ᠡᠪ ᠨᠢᠭᠡᠳᠦᠯ ᠦ᠋ᠨ ᠡᠶ᠎ᠡ ᠵᠣᠬᠢᠴᠠᠯ ᠬᠤᠷᠤᠢᠯᠠᠭᠰᠠᠳ ᠪᠣᠢ᠂ ᠡᠷᠬᠢᠮ ᠳᠡᠭᠡᠳᠦ ᠪᠡᠯᠭᠡᠳᠡᠯ ᠦ᠋ᠨ ᠡᠳ᠋ ᠢ᠋ᠶ᠋ᠡᠷ ᠰᠢᠨᠵᠢᠯᠡᠭᠰᠡᠳ ᠪᠣᠢ᠃ ᠲᠤᠭ ᠰᠦᠯᠳᠡ ᠪᠣᠯ ᠰᠢᠲᠦᠭᠡᠨ ᠡᠴᠡ ᠪᠡᠨ ᠡᠷᠬᠢᠮ ᠳᠡᠭᠡᠳᠦ ᠪᠡᠯᠭᠡᠳᠡᠯ ᠦ᠋ᠨ ᠡᠳ᠋ ᠪᠣᠯᠤᠨ ᠤᠯᠠᠷᠢᠨ ᠬᠤᠪᠢᠷᠠᠭᠰᠠᠨ ᠶᠤᠮ᠃ ᠮᠢᠩᠵᠤᠤᠷ ᠠᠪᠤᠭᠠᠢ ᠡᠨᠡ ᠬᠦ᠌ ᠲᠡᠦᠬᠡᠨ ᠦᠨᠡᠨ ᠢ᠋ ᠰᠡᠷᠭᠦᠭᠡᠨ ᠵᠢᠷᠤᠭᠯᠠᠵᠤ᠂ ᠲᠤᠬᠠᠢ ᠶ᠋ᠢᠨ ᠤᠤᠯ ᠳᠦᠷᠢ ᠶ᠋ᠢ ᠭᠠᠷᠭᠠᠵᠤ᠂ ᠮᠣᠩᠭᠣᠯ ᠰᠣᠶᠣᠯ ᠤ᠋ᠨ ᠴᠡᠴᠡᠭᠯᠡᠨ ᠬᠥᠭᠵᠢᠯᠲᠡ ᠳ᠋ᠦ᠍ ᠬᠦᠴᠦ ᠡᠷᠭᠦᠬᠦ ᠭᠡᠮᠡᠨ ᠶᠡᠬᠡ ᠶᠤᠸᠠᠨ ᠤᠯᠤᠰ ᠤ᠋ᠨ ᠳᠡᠭᠡᠳᠦ ᠨᠡᠢᠰᠯᠡᠯ (ᠱᠠᠩᠳᠤ) ᠬᠣᠲᠠ ᠶ᠋ᠢᠨ ᠪᠠᠭᠤᠷᠢ ᠳ᠋ᠤ᠌ ᠬᠡᠳᠦᠨᠲᠡ ᠢᠷᠡᠵᠡᠢ᠃ ᠲᠡᠷᠡ ᠬᠡᠳᠦᠢᠪᠡᠷ ᠠᠵᠢᠯ ᠠ᠋ᠴᠠ ᠪᠠᠨ ᠪᠠᠭᠤᠭᠰᠠᠨ ᠪᠣᠯᠪᠠᠴᠤ ᠶᠠᠭ ᠨᠢᠭᠡ ᠤᠷᠢ ᠵᠠᠯᠠᠭᠤ ᠨᠠᠰᠤᠨ ᠳ᠋ᠠᠭᠠᠨ ᠪᠠᠢᠬᠤ ᠰᠢᠭ᠋ ᠢ᠋ᠶ᠋ᠡᠷ ᠱᠠᠩᠳᠤ ᠬᠣᠲᠠ ᠶ᠋ᠢᠨ ᠪᠠᠢᠷᠢᠰᠢᠯ᠂ ᠬᠣᠲᠠ ᠶ᠋ᠢᠨ ᠬᠡᠷᠡᠮ ᠦ᠋ᠨ ᠪᠠᠭᠤᠷᠢ᠂ ᠬᠣᠲᠠ ᠶ᠋ᠢᠨ ᠡᠮᠦᠨ᠎ᠡ ᠬᠡᠷᠡᠮ ᠦ᠋ᠨ ᠮᠡᠨᠳᠦ ᠶᠡᠬᠡ ᠬᠠᠭᠠᠯᠭ᠎ᠠ ᠶ᠋ᠢᠨ ᠪᠠᠭᠤᠷᠢ᠂ ᠤᠷᠲᠤ ᠬᠣᠲᠠ ᠶ᠋ᠢᠨ ᠲᠥᠪ ᠪᠠᠷᠢᠯᠭ᠎ᠠ ᠶᠡᠬᠡ ᠠᠮᠤᠭᠤᠯᠠᠩ ᠲᠠᠭᠲᠤ ᠶ᠋ᠢᠨ ᠪᠠᠭᠤᠷᠢ ᠪᠣᠯᠤᠨ ᠠᠯᠠᠭ ᠰᠦᠯᠳᠡ ᠶ᠋ᠢ ᠪᠤᠰᠬᠠᠵᠤ ᠪᠠᠢᠭᠰᠠᠨ ᠬᠠᠳᠠᠨᠲᠠᠢ ᠠᠭᠤᠯᠠ ᠵᠡᠷᠭᠡ ᠭᠠᠵᠠᠷ ᠤ᠋ᠳ ᠢ᠋ ᠬᠠᠢᠨ ᠪᠠᠢᠴᠠᠭᠠᠵᠤ᠂ ᠢᠯᠠᠩᠭᠤᠶ᠎ᠠ ᠬᠠᠳᠠᠨᠲᠠᠶ ᠠᠭᠤᠯᠠᠨ ᠳ᠋ᠤ᠌ ᠠᠪᠠᠷᠢᠨ ᠭᠠᠷᠴᠤ᠂ ᠲᠡᠭᠦᠨ ᠦ᠌ ᠣᠷᠣᠢ ᠳᠡᠭᠡᠷᠡᠬᠢ ᠪᠠᠷᠢᠯᠭ᠎ᠠ ᠶ᠋ᠢᠨ ᠣᠷᠣ᠂ ᠣᠳᠣ ᠦᠯᠡᠳᠡᠵᠦ ᠪᠠᠢᠭ᠎ᠠ ᠠᠯᠠᠭ ᠰᠦᠯᠳᠡ ᠶ᠋ᠢᠨ ᠰᠠᠭᠤᠳᠠᠯ ᠴᠢᠯᠠᠭᠤ ᠵᠢᠴᠢ ᠠᠯᠠᠭ ᠰᠦᠯᠳᠡ ᠶ᠋ᠢ ᠪᠤᠰᠬᠠᠵᠤ ᠪᠠᠢᠭᠰᠠᠨ ᠣᠷᠣ ᠪᠠᠢᠷᠢ᠂ ᠬᠠᠳᠠᠨᠲᠠᠢ ᠠᠭᠤᠯᠠ ᠠ᠋ᠴᠠ ᠬᠣᠲᠠ ᠣᠷᠣᠬᠤ᠂ ᠬᠣᠲᠠ ᠠ᠋ᠴᠠ ᠬᠠᠳᠠᠨᠲᠠᠢ ᠠᠭᠤᠯᠠ ᠬᠦᠷᠬᠦ ᠵᠠᠮ ᠱᠤᠭᠤᠮ ᠵᠡᠷᠭᠡ ᠶ᠋ᠢ ᠨᠠᠷᠢᠨ ᠨᠢᠮᠪᠠᠢ ᠰᠢᠨᠵᠢᠯᠡᠨ ᠪᠠᠢᠴᠠᠭᠠᠭᠰᠠᠨ ᠪᠢᠯᠡ᠃ ᠲᠡᠭᠦᠨ ᠦ᠌ ᠡᠨᠡ ᠬᠦ᠌ ᠦᠨᠡᠨᠴᠢ ᠰᠢᠳᠤᠷᠭᠤ᠂ ᠲᠡᠦᠬᠡ ᠶ᠋ᠢ ᠪᠠᠷᠢᠮᠲᠠᠯᠠᠬᠤ᠂ ᠦᠨᠡᠨ ᠢ᠋ ᠪᠠᠷᠢᠮᠲᠠᠯᠠᠬᠤ ᠰᠤᠳᠤᠯᠭ᠎ᠠ ᠰᠢᠨᠵᠢᠯᠡᠭᠡ᠂ ᠬᠡᠭᠡᠷ᠎ᠡ ᠶ᠋ᠢᠨ ᠪᠠᠢᠴᠠᠭᠠᠯᠲᠠ ᠨᠢ ᠬᠥᠬᠡ ᠲᠡᠭᠷᠢ ᠶ᠋ᠢᠨ ᠢᠪᠡᠭᠡᠯ᠂ ᠨᠣᠭᠣᠭᠠᠨ ᠲᠠᠯ᠎ᠠ ᠶ᠋ᠢᠨ ᠬᠡᠰᠢᠭ· ᠡᠷᠳᠡᠮᠲᠡᠳ ᠦ᠋ᠨ ᠳᠡᠮᠵᠢᠯᠭᠡ ᠶ᠋ᠢ ᠣᠯᠬᠤ ᠶᠣᠰᠣᠲᠠᠢ᠃ ᠶᠡᠬᠡ ᠶᠤᠸᠠᠨ ᠤᠯᠤᠰ ᠤ᠋ᠨ ᠳᠡᠭᠡᠳᠦ ᠨᠡᠢᠰᠯᠡᠯ (ᠱᠠᠩᠳᠤ) ᠬᠣᠲᠠ ᠶ᠋ᠢᠨ ᠪᠠᠭᠤᠷᠢ ᠳᠡᠯᠡᠬᠡᠢ ᠶ᠋ᠢᠨ ᠰᠣᠶᠣᠯ ᠤ᠋ᠨ ᠥᠪ ᠢ᠋ᠶ᠋ᠡᠷ ᠪᠦᠷᠢᠳᠬᠡᠭᠳᠡᠭᠰᠡᠨ ᠥᠨᠥᠳᠥᠷ ᠮᠢᠩᠵᠤᠤᠷ ᠤ᠋ᠨ 《ᠰᠦᠯᠳᠡ ᠶ᠋ᠢᠨ ᠰᠣᠶᠣᠯ ᠤ᠋ᠨ ᠰᠤᠳᠤᠯᠤᠯ》 ᠱᠠᠩᠳᠤ ᠶ᠋ᠢᠨ ᠪᠠᠭᠤᠷᠢ ᠶ᠋ᠢ ᠲᠠᠨᠢᠯᠴᠠᠭᠤᠯᠬᠤ᠂ ᠰᠤᠳᠤᠯᠬᠤ᠂ ᠤᠯᠠᠮᠵᠢᠯᠠᠬᠤ ᠳ᠋ᠤ᠌ ᠲᠡᠦᠬᠡᠨ ᠪᠠᠷᠢᠮᠲᠠ᠂ ᠨᠠᠨᠳᠢᠨ ᠮᠠᠲ᠋ᠧᠷᠢᠶᠠᠯ᠂ ᠭᠠᠷ ᠤ᠋ᠨ ᠠᠪᠤᠯᠭ᠎ᠠ ᠪᠣᠯᠤᠨ᠎ᠠ ᠭᠡᠳᠡᠭ ᠢ᠋ ᠪᠢ ᠪᠠᠲᠤ ᠢᠲᠡᠭᠡᠵᠦ ᠬᠦᠰᠡᠯ ᠢᠷᠦᠭᠡᠯ ᠢ᠋ᠶ᠋ᠡᠨ ᠳᠡᠪᠰᠢᠭᠦᠯᠵᠦ ᠪᠠᠢᠨ᠎ᠠ᠃
(ᠲᠤᠰ ᠵᠣᠬᠢᠶᠠᠯ ᠢ᠋ 《ᠰᠢᠯᠢ ᠶ᠋ᠢᠨ ᠭᠣᠣᠯ ᠤ᠋ᠨ ᠡᠳᠦᠷ ᠦ᠋ᠨ ᠰᠣᠨᠢᠨ》 ᠤ᠋ 2014 ᠣᠨ ᠤ᠋7 ᠰᠠᠷ᠎ᠠ ᠶ᠋ᠢᠨ31 ᠦ᠌ ᠡᠳᠦᠷ ᠦ᠋ᠨ ᠮᠣᠩᠭᠣᠯ ᠬᠡᠪᠯᠡᠯ ᠳᠡᠭᠡᠷ᠎ᠡ ᠡᠴᠡ ᠪᠠᠭᠤᠯᠭᠠᠨ ᠠᠪᠤᠪᠠ)
ᠮᠢᠩᠭᠠᠳ᠂ ᠱ· ᠲᠦᠩᠰᠢᠭ
(ᠳᠤᠮᠳᠠᠳᠤ ᠤᠯᠤᠰ ᠤ᠋ᠨ ᠮᠣᠩᠭᠣᠯ ᠲᠡᠦᠬᠡ ᠶ᠋ᠢᠨ ᠰᠤᠳᠤᠯᠬᠤ ᠨᠡᠢᠭᠡᠮᠯᠢᠭ ᠦ᠋ᠨ ᠭᠡᠰᠢᠭᠦᠨ
ᠥᠪᠥᠷ ᠮᠣᠩᠭᠣᠯ ᠤ᠋ᠨ ᠠᠷᠠᠳ ᠤ᠋ᠨ ᠵᠠᠩ ᠦᠢᠯᠡ ᠶ᠋ᠢ ᠰᠤᠳᠤᠯᠬᠤ ᠨᠡᠢᠭᠡᠮᠯᠢᠭ ᠦ᠋ᠨ ᠭᠡᠰᠢᠭᠦᠨ)
