《ᠮᠣᠩᠭᠣᠯ ᠤ᠋ᠨ ᠨᠢᠭᠤᠴᠠ ᠲᠣᠪᠴᠢᠶᠠᠨ》 ᠠᠷᠪᠠᠨ ᠨᠢᠭᠡᠳᠦᠭᠡᠷ ᠪᠦᠯᠦᠭ-ᠬᠢᠲᠠᠳ᠂ ᠲᠠᠩᠭᠤᠳ᠂ ᠰᠠᠷᠲᠠᠭᠤᠯ᠂ ᠪᠠᠭᠳᠠᠳ᠋ ᠪᠠ ᠣᠷᠣᠰ ᠢ᠋ ᠡᠵᠡᠯᠡᠭᠰᠡᠨ ᠨᠢХятад, тангад, сартуул, багтд ба Оросыг эзэлсэн нь
247᠂ ᠲᠡᠭᠦᠨ ᠡᠴᠡ ᠬᠣᠢᠰᠢ ᠴᠢᠩᠭᠢᠰ ᠬᠠᠭᠠᠨ ᠬᠣᠨᠢᠨ ᠵᠢᠯ (1211ᠣᠨ ᠳ᠋ᠤ᠌) ᠬᠢᠲᠠᠳ ᠢᠷᠭᠡᠨ ᠢ᠋ ᠡᠵᠡᠯᠡᠬᠦ ᠪᠡᠷ ᠮᠣᠷᠢᠯᠠᠪᠠ᠃ ᠹᠦ ᠵᠧᠦ ᠶ᠋ᠢ (ᠴᠠᠭᠠᠨ ᠬᠡᠷᠡᠮ ᠦ᠋ᠨ ᠣᠢᠷ᠎ᠠ ᠪᠠᠢᠭ᠎ᠠ ᠣᠳᠣ ᠶ᠋ᠢᠨ ᠬᠠᠷ᠎ᠠ ᠪᠠᠯᠭᠠᠰᠤ ) ᠠᠪᠴᠤ ᠴᠢᠭᠤᠯᠤᠯᠲᠤ ᠬᠠᠭᠠᠯᠭᠠᠨ ᠠ᠋ᠴᠠ ᠪᠠᠷᠠᠭᠤᠨ ᠳᠠᠰᠢ ᠪᠠᠢᠭ᠎ᠠ ᠦᠨᠡᠭᠡᠨ ᠳᠠᠪᠠᠭ᠎ᠠ ᠪᠠᠷ ᠳᠠᠪᠠᠵᠤ ᠰᠢᠣᠧᠨᠨ ᠳᠧ ᠹᠦ ᠶ᠋ᠢ ᠠᠪᠴᠤ ᠵᠡᠪᠡ ᠬᠦᠢᠬᠥᠨᠡᠭ ᠪᠠᠭᠠᠲᠤᠷ ᠬᠣᠶᠠᠷ ᠢ᠋ ᠮᠠᠩᠯᠠᠢ ᠪᠣᠯᠭᠠᠵᠤ ᠢᠯᠡᠭᠡᠪᠡ᠃ ᠴᠠᠪᠴᠢᠶᠠᠯ ᠪᠣᠭᠣᠮᠲᠠ ᠳ᠋ᠤ᠌ ᠣᠴᠢᠵᠤ ᠴᠠᠪᠴᠢᠶᠠᠯ ᠳᠠᠪᠠᠭᠠᠨ ᠤ᠋ ᠪᠡᠬᠢᠯᠡᠯᠲᠡ ᠶ᠋ᠢ ᠬᠦᠷᠦᠭᠡᠳ ᠵᠡᠪᠡ ᠥᠭᠦᠯᠡᠷᠦᠨ᠄ 《ᠳᠠᠢᠰᠤᠨ ᠢ᠋ ᠥᠳᠥᠭᠡᠵᠦ ᠪᠡᠬᠢᠯᠡᠯᠲᠡ ᠡᠴᠡ ᠭᠠᠷᠭᠠᠭᠠᠳ ᠪᠠᠢᠯᠳᠤᠶ᠎ᠠ》 ᠭᠡᠳ ᠴᠡᠷᠢᠭ ᠢ᠋ᠶ᠋ᠡᠨ ᠤᠬᠤᠷᠢᠭᠤᠯᠪᠠ᠃ ᠵᠡᠪᠡ ᠶ᠋ᠢᠨ ᠴᠡᠷᠢᠭ ᠤᠬᠤᠷᠢᠬᠤ ᠶ᠋ᠢ ᠦᠵᠡᠭᠡᠳ 《ᠨᠡᠬᠡᠵᠦ ᠪᠠᠢᠯᠳᠤᠶ᠎ᠠ》 ᠭᠡᠵᠦ ᠬᠢᠲᠠᠳ ᠤ᠋ᠨ ᠴᠡᠷᠢᠭ ᠦ᠋ᠳ ᠠᠭᠤᠯᠠ ᠶ᠋ᠢ ᠪᠦᠷᠬᠦᠵᠦ᠂ ᠬᠥᠨᠳᠡᠢ ᠶ᠋ᠢ ᠳᠦᠭᠦᠷᠡᠩ ᠨᠡᠬᠡᠵᠦ᠂ ᠰᠢᠦᠸᠠᠨ ᠳᠧ ᠹᠦ ᠶ᠋ᠢᠨ ᠬᠣᠰᠢᠭᠤ ᠶ᠋ᠢ ᠬᠦᠷᠦᠮᠡᠭᠴᠡ ᠵᠡᠪᠡ ᠭᠡᠳᠡᠷᠭᠦ ᠡᠷᠭᠢᠵᠦ ᠳᠣᠪᠲᠣᠯᠤᠭᠠᠳ ᠨᠡᠬᠡᠵᠦ ᠢᠷᠡᠭᠰᠡᠨ ᠳᠠᠢᠰᠤᠨ ᠤ᠋ ᠴᠡᠷᠢᠭ ᠢ᠋ ᠰᠥᠨᠥᠭᠡᠵᠦ ᠳᠠᠷᠤᠪᠠ᠃ ᠴᠢᠩᠭᠢᠰ ᠬᠠᠭᠠᠨ᠂ ᠭᠣᠣᠯ ᠴᠡᠷᠢᠭ ᠢ᠋ᠶ᠋ᠡᠨ ᠠᠪᠴᠤ ᠳᠠᠷᠤᠴᠠᠭᠠ ᠪᠠᠷ ᠬᠦᠷᠴᠦ ᠢᠷᠡᠭᠡᠳ ᠬᠢᠲᠠᠳ ᠢ᠋ ᠬᠥᠭᠡᠭᠡᠵᠦ ᠬᠠᠷ᠎ᠠ ᠬᠢᠲᠠᠳ᠂ ᠵᠦᠷᠴᠢᠳ᠂ ᠵᠦᠢᠨ ᠦ᠌ ᠰᠢᠯᠢᠳᠡᠭ ᠪᠠᠭᠠᠲᠤᠷ ᠴᠡᠷᠢᠭ ᠦ᠋ᠳ ᠢ᠋ ᠳᠠᠷᠤᠵᠤ᠂ ᠴᠠᠪᠴᠢᠶᠠᠯ ᠢ᠋ ᠬᠦᠷᠲᠡᠯ᠎ᠡ ᠬᠢᠲᠠᠳ ᠤ᠋ᠨ ᠴᠡᠷᠢᠭ ᠢ᠋ ᠬᠢᠶᠠᠷᠠᠲᠠᠯ᠎ᠠ ᠬᠢᠳᠤᠪᠠ᠃ ᠴᠠᠪᠴᠢᠶᠠᠯ ᠤ᠋ᠨ ᠬᠠᠭᠠᠯᠭ᠎ᠠ ᠶ᠋ᠢ ᠵᠡᠪᠡ ᠡᠵᠡᠯᠡᠵᠦ ᠠᠭᠤᠯᠠ ᠶ᠋ᠢ ᠳᠠᠪᠠᠪᠠ᠃ ᠴᠢᠩᠭᠢᠰ ᠬᠠᠭᠠᠨ᠂ ᠰᠢᠷ᠎ᠠ ᠳᠠᠭᠲᠤᠷ ᠲᠤ᠌ ᠪᠠᠭᠤᠪᠠ᠃ ᠵᠥᠩᠲᠦ (ᠠᠯᠲᠠᠨ ᠤᠯᠤᠰ ᠤ᠋ᠨ ᠳᠤᠮᠳᠠᠳᠤ ᠨᠡᠢᠰᠯᠡᠯ᠂ ᠣᠳᠣ ᠶ᠋ᠢᠨ ᠪᠡᠭᠡᠵᠢᠩ) ᠬᠣᠲᠠ ᠶ᠋ᠢ ᠡᠵᠡᠯᠡᠬᠦ ᠪᠠ ᠪᠤᠰᠤᠳ ᠬᠣᠲᠠ ᠪᠠᠯᠭᠠᠰᠤ ᠶ᠋ᠢ ᠡᠵᠡᠯᠡᠭᠦᠯᠬᠦ ᠪᠡᠷ ᠴᠡᠷᠢᠭ ᠶᠠᠪᠤᠭᠤᠯᠪᠠ᠃ ᠵᠡᠪᠡ ᠶ᠋ᠢ ᠳ᠋ᠦᠩ ᠴᠠᠩ (ᠠᠯᠲᠠᠨ ᠤᠯᠤᠰ ᠤ᠋ᠨ ᠵᠡᠭᠦᠨ ᠨᠡᠢᠰᠯᠡᠯ ᠂ ᠣᠳᠣ ᠶ᠋ᠢᠨ ᠯᠢᠶᠣᠣ ᠶᠠᠨ) ᠬᠣᠲᠠ ᠶ᠋ᠢ ᠡᠵᠡᠯᠡᠭᠦᠯᠬᠦ ᠪᠡᠷ ᠢᠯᠡᠭᠡᠪᠡ᠃ ᠵᠡᠪᠡ ᠳ᠋ᠦᠩ ᠴᠠᠩ ᠪᠠᠯᠭᠠᠰᠤᠨ ᠳ᠋ᠤ᠌ ᠬᠦᠷᠦᠭᠡᠳ ᠰᠢᠭᠤᠳ ᠡᠵᠡᠯᠡᠵᠦ ᠪᠠᠷᠠᠬᠤ ᠦᠭᠡᠢ ᠪᠤᠴᠠᠵᠤ ᠵᠢᠷᠭᠤᠭᠠᠨ ᠬᠣᠨᠣᠭ ᠤ᠋ᠨ ᠭᠠᠵᠠᠷ ᠶᠠᠪᠤᠭᠠᠳ ᠭᠡᠨᠡᠳᠲᠡ ᠡᠷᠭᠢᠵᠦ ᠬᠥᠳᠡᠯᠦᠭᠡ ᠮᠣᠷᠢ ᠲᠠᠢ ᠴᠡᠷᠢᠭ ᠢ᠋ ᠰᠥᠨᠢ ᠲᠤᠷᠰᠢ ᠳᠠᠪᠬᠢᠭᠤᠯᠵᠤ;ᠳ᠋ᠦᠩ ᠴᠠᠩ ᠢ᠋ ᠰᠠᠨᠠᠮᠰᠠᠷ ᠦᠭᠡᠢ ᠪᠠᠢᠬᠤ ᠳ᠋ᠤᠨᠢ ᠳᠠᠭᠠᠷᠢᠨ ᠡᠵᠡᠯᠡᠵᠡᠢ᠃
248᠂ ᠵᠡᠪᠡ᠂ ᠳ᠋ᠦᠩ ᠴᠠᠩ ᠬᠣᠲᠠ ᠶ᠋ᠢ ᠠᠪᠴᠤ ᠬᠠᠷᠢᠵᠤ ᠢᠷᠡᠭᠡᠳ ᠴᠢᠩᠭᠢᠰ ᠬᠠᠭᠠᠨ ᠳ᠋ᠤ᠌ ᠨᠡᠢᠯᠡᠪᠡ᠃ ᠵᠥᠩᠲᠦ ᠬᠣᠲᠠ ᠶ᠋ᠢ ᠪᠦᠰᠡᠯᠡᠨ ᠪᠠᠢᠯᠳᠤᠵᠤ ᠪᠠᠢᠬᠤ ᠳ᠋ᠤ᠌ ᠠᠯᠲᠠᠨ ᠬᠠᠭᠠᠨ ᠤ᠋ ᠶᠡᠬᠡ ᠨᠣᠶᠠᠨ ᠸᠠᠩᠬᠢᠩ ᠴᠢᠩᠰᠠᠩ ᠠᠯᠲᠠᠨ ᠬᠠᠭᠠᠨ ᠳ᠋ᠤ᠌ ᠳᠤᠷᠠᠳᠬᠠᠵᠤ ᠬᠡᠯᠡᠭᠰᠡᠨ ᠨᠢ᠄ 《ᠲᠡᠭᠷᠢ ᠭᠠᠵᠠᠷ ᠤ᠋ᠨ ᠵᠠᠶᠠᠭᠠᠭᠰᠠᠨ ᠴᠠᠭ᠂ ᠶᠡᠬᠡ ᠰᠠᠭᠤᠷᠢᠨ ᠰᠢᠯᠵᠢᠬᠦ ᠴᠠᠭ ᠲᠤ᠌ ᠬᠦᠷᠪᠡ ᠤᠤ? ᠮᠣᠩᠭ᠋ᠣᠯᠴᠣᠳ ᠮᠠᠰᠢ ᠬᠦᠴᠦ ᠲᠡᠢ ᠪᠣᠯᠵᠤ ᠢᠷᠡᠭᠡᠳ ᠪᠢᠳᠡᠨ ᠦ᠌ ᠡᠷᠡᠯᠬᠡᠭ ᠰᠢᠯᠢᠳᠡᠭ ᠬᠠᠷ᠎ᠠ ᠬᠢᠲᠠᠳ᠂ ᠵᠦᠷᠴᠢᠳ᠂ ᠵᠦᠢᠨ ᠦ᠌ ᠡᠷᠬᠢᠮ ᠴᠡᠷᠢᠭ ᠦ᠋ᠳ ᠢ᠋ ᠪᠦᠷᠢᠯᠭᠡᠨ ᠬᠢᠳᠤᠵᠠᠢ᠃ ᠪᠠᠰᠠ ᠢᠲᠡᠭᠡᠯ ᠲᠡᠢ ᠪᠠᠲᠤ ᠴᠠᠪᠴᠢᠶᠠᠯ ᠪᠣᠭᠣᠮᠲᠠ ᠶ᠋ᠢ ᠪᠤᠯᠢᠶᠠᠨ ᠠᠪᠴᠠᠢ᠃ ᠣᠳᠣ ᠪᠢᠳᠡ ᠪᠠᠰᠠ ᠴᠡᠷᠢᠭ ᠦ᠋ᠳ ᠢ᠋ ᠳᠠᠢᠴᠢᠯᠠᠨ ᠮᠣᠷᠳᠠᠭᠤᠯᠵᠤ ᠪᠣᠯᠬᠤ ᠪᠣᠯᠪᠠᠴᠤ ᠲᠡᠳᠡ᠂ ᠮᠣᠩᠭ᠋ᠣᠯᠴᠣᠳ ᠲᠤ᠌ ᠳᠠᠬᠢᠨ ᠳᠠᠷᠤᠭᠳᠠᠪᠠᠯ ᠥᠪᠡᠷᠰᠡᠳ ᠦ᠋ᠨ ᠬᠣᠲᠠ ᠪᠠᠯᠭᠠᠰᠤᠨ ᠳ᠋ᠤ᠌ ᠪᠤᠲᠠᠷᠠᠨ ᠲᠠᠷᠬᠠᠵᠤ ᠳᠠᠬᠢᠨ ᠬᠣᠷᠠᠯᠳᠠᠭᠣᠯᠬᠣ ᠠᠷᠭ᠎ᠠ ᠦᠭᠡᠢ ᠪᠣᠯᠬᠤ ᠠ᠋ᠴᠠ ᠭᠠᠳᠠᠨ᠎ᠠ᠂ ᠪᠢᠳᠡᠨ ᠳ᠋ᠦ᠍ ᠢᠲᠡᠭᠡᠬᠦ ᠦᠭᠡᠢ ᠪᠣᠯᠵᠤ ᠤᠷᠪᠠᠵᠤ ᠳᠠᠢᠰᠤᠩᠨᠠᠬᠤ ᠳ᠋ᠤ᠌ ᠬᠦᠷᠦᠨ᠎ᠡ᠃ ᠠᠯᠲᠠᠨ ᠬᠠᠭᠠᠨ ᠰᠣᠶᠣᠷᠬᠠᠪᠠᠯ᠂ ᠮᠣᠩᠭ᠋ᠣᠯ ᠤ᠋ᠨ ᠬᠠᠭᠠᠨ ᠳ᠋ᠤ᠌ ᠡᠨᠡ ᠬᠢᠷᠢ ᠡᠯᠰᠡᠨ ᠨᠠᠢᠷᠠᠮᠳᠠᠶ᠎ᠠ᠃ ᠨᠠᠢᠷᠠᠮᠳᠠᠭᠠᠳ ᠪᠤᠴᠠᠪᠠᠯ ᠲᠡᠳᠡᠨ ᠢ᠋ ᠪᠤᠴᠠᠭᠰᠠᠨ ᠬᠣᠢᠨ᠎ᠠ᠂ ᠵᠢᠴᠢ ᠥᠭᠡᠷ᠎ᠡ ᠰᠠᠨᠠᠯ ᠢ᠋ᠶ᠋ᠠᠨ ᠭᠠᠷᠭᠠᠵᠤ ᠵᠥᠪᠯᠡᠶ᠎ᠡ᠃ ᠮᠣᠩᠭ᠋ᠣᠯ ᠤ᠋ᠨ ᠴᠡᠷᠢᠭ ᠠᠭᠲᠠ ᠡᠨᠳᠡᠬᠢ ᠭᠠᠵᠠᠷ ᠤ᠋ᠨ ᠬᠠᠯᠠᠭᠤᠨ ᠳ᠋ᠤ᠌ ᠲᠡᠰᠴᠦ ᠶᠠᠳᠠᠵᠤ ᠪᠠᠢᠨ᠎ᠠ ᠭᠡᠨ᠎ᠡ᠃ ᠬᠠᠭᠠᠨ ᠳ᠋ᠤ᠌ ᠨᠢ ᠬᠡᠦᠬᠡᠨ ᠦᠭᠶ᠎ᠡ᠃ ᠴᠡᠷᠢᠭ᠂ ᠳᠠᠷᠤᠭ᠎ᠠ ᠨᠠᠷ ᠲᠤ᠌ ᠨᠢ ᠠᠯᠲᠠ ᠮᠥᠩᠭᠥ᠂ ᠡᠳ᠋ ᠠᠭᠤᠷᠠᠰᠤᠨ ᠢ᠋ ᠭᠠᠷᠭᠠᠵᠤ ᠦᠭᠶ᠎ᠡ᠃ ᠡᠨᠡ ᠠᠷᠭ᠎ᠠ ᠳ᠋ᠤ᠌ ᠣᠷᠣᠬᠤ ᠡᠰᠡᠬᠦ ᠶ᠋ᠢ ᠶᠠᠭᠠᠬᠢᠵᠤ ᠮᠡᠳᠡᠬᠦ ᠪᠣᠢ?》 ᠭᠡᠵᠦ ᠳᠤᠷᠠᠳᠬᠠᠨ ᠬᠡᠯᠡᠭᠰᠡᠨ ᠳ᠋ᠦ᠍ ᠠᠯᠲᠠᠨ ᠬᠠᠭᠠᠨ᠂ ᠸᠠᠩᠬᠢᠩ ᠴᠢᠩᠰᠠᠩ ᠤ᠋ᠨ ᠡᠨᠡ ᠦᠭᠡ ᠶ᠋ᠢ ᠵᠥᠪᠰᠢᠶᠡᠷᠡᠵᠦ᠂ ᠡᠨᠡ ᠶᠣᠰᠣ ᠪᠠᠷ ᠭᠦᠢᠴᠡᠳᠬᠡᠶ᠎ᠡ ᠭᠡᠵᠦ ᠨᠠᠢᠷᠠᠮᠳᠠᠨ᠂ ᠴᠢᠩᠭᠢᠰ ᠬᠠᠭᠠᠨ ᠳ᠋ᠤ᠌ ᠭᠦᠩᠵᠦ ᠥᠬᠢᠨ ᠢ᠋ ᠢᠯᠡᠭᠡᠵᠦ ᠠᠯᠲᠠ ᠮᠥᠩᠭᠥ᠂ ᠠᠭᠤᠷᠠᠰᠤ ᠡᠳ᠋ ᠲᠠᠸᠠᠷ ᠢ᠋ ᠵᠥᠩᠲᠦ ᠡᠴᠡ ᠭᠠᠷᠭᠠᠵᠤ ᠴᠡᠷᠢᠭ ᠦ᠋ᠨ ᠬᠥᠮᠦᠰ ᠲᠦ᠍ ᠳᠠᠭᠠᠭᠠᠬᠤ ᠬᠢᠷᠢ ᠪᠡᠷ ᠥᠭᠴᠦ᠂ ᠴᠢᠩᠭᠢᠰ ᠬᠠᠭᠠᠨ ᠳ᠋ᠤ᠌ ᠲᠤᠰᠬᠠᠢᠯᠠᠨ ᠸᠠᠩᠬᠢᠩ ᠴᠢᠩᠰᠠᠩ ᠢ᠋ ᠡᠯᠴᠢ ᠪᠣᠯᠭᠠᠵᠤ ᠢᠯᠡᠭᠡᠪᠡ᠃ ᠲᠡᠳᠡᠨ ᠦ᠌ ᠡᠯᠰᠡᠨ ᠳᠠᠭᠠᠵᠤ ᠨᠠᠢᠷᠠᠮᠳᠠᠶ᠎ᠠ ᠭᠡᠰᠡᠨ ᠢ᠋ ᠴᠢᠩᠭᠢᠰ ᠬᠠᠭᠠᠨ ᠵᠥᠪᠰᠢᠶᠡᠷᠡᠵᠦ᠂ ᠣᠯᠠᠨ ᠬᠣᠲᠠ ᠶ᠋ᠢ ᠡᠵᠡᠯᠡᠬᠦ ᠪᠡᠷ ᠪᠠᠢᠯᠳᠤᠵᠤ ᠪᠠᠢᠭᠰᠠᠨ ᠴᠡᠷᠢᠭ ᠦ᠋ᠳ ᠢ᠋ ᠭᠡᠳᠡᠷᠭᠦ ᠲᠠᠲᠠᠵᠤ ᠢᠷᠡᠭᠦᠯᠪᠡ᠃ ᠸᠠᠩᠬᠢᠩ ᠴᠢᠩᠰᠠᠩ ᠮᠦᠸᠧ ᠵᠧᠦ᠂ ᠹᠦ ᠵᠧᠦ ᠨᠡᠷᠡᠲᠦ ᠬᠣᠰᠢᠭᠤ ᠬᠦᠷᠲᠡᠯ᠎ᠡ ᠴᠢᠩᠭᠢᠰ ᠬᠠᠭᠠᠨ ᠢ᠋ ᠦᠳᠡᠵᠦ ᠭᠠᠷᠭᠠᠭᠠᠳ ᠬᠠᠷᠢᠪᠠ᠃ ᠡᠳ᠋ ᠠᠭᠤᠷᠠᠰᠤ ᠶ᠋ᠢ ᠮᠠᠨ ᠤ᠋ ᠴᠡᠷᠢᠭ ᠲᠦ᠍ ᠡᠷᠭᠦᠵᠦ ᠳᠠᠭᠠᠭᠠᠬᠤᠢᠴᠠ ᠠᠴᠢᠵᠤ᠂ ᠭᠬᠢᠪ ᠲᠣᠷᠭ᠎ᠠ ᠪᠠᠷ ᠠᠴᠢᠶ᠎ᠠ ᠪᠠᠨ ᠲᠠᠲᠠᠵᠤ ᠶᠠᠪᠤᠪᠠ᠃
249᠂ ᠲᠡᠨᠳᠡ ᠡᠴᠡ ᠴᠢᠩᠭᠢᠰ ᠬᠠᠭᠠᠨ᠂ ᠬᠠᠰᠢᠨ ᠢᠷᠭᠡᠨ ᠢ᠋ ᠵᠣᠷᠢᠪᠠ᠃ (ᠲᠠᠩᠭᠤᠳ ᠪᠤᠶᠤ ᠰᠢ ᠰᠢᠶᠠ ᠶ᠋ᠢᠨ ᠬᠠᠨ᠂ ᠮᠣᠩᠭ᠋ᠣᠯ ᠤ᠋ᠨ ᠳᠣᠲᠣᠷ᠎ᠠ ᠬᠠᠰᠢᠨ ᠬᠠᠨ ᠭᠡᠵᠦ ᠠᠯᠳᠠᠷᠰᠢᠵᠠᠢ) ᠬᠦᠷᠴᠦ ᠣᠴᠢᠪᠠᠯ᠂ ᠬᠠᠰᠢᠨ ᠤᠯᠤᠰ ᠤ᠋ᠨ ᠪᠤᠷᠬᠠᠨ (ᠡᠵᠡᠨ) ᠳᠠᠭᠠᠷ᠎ᠠ ᠣᠷᠣᠵᠤ᠂ 《ᠪᠠᠷᠠᠭᠤᠨ ᠭᠠᠷ ᠴᠢᠨᠢ ᠪᠣᠯᠵᠤ ᠬᠦᠴᠦ ᠪᠡᠨ ᠦᠭᠶ᠎ᠡ》 ᠭᠡᠵᠦ ᠴᠠᠭ᠎ᠠ ᠨᠡᠷᠡᠲᠡᠢ ᠥᠬᠢᠨ ᠢ᠋ᠶ᠋ᠡᠨ ᠴᠢᠩᠭᠢᠰ ᠬᠠᠭᠠᠨ ᠳ᠋ᠤ᠌ ᠠᠪᠠᠴᠢᠵᠤ ᠥᠭᠪᠡ᠃ ᠪᠠᠰᠠ ᠪᠤᠷᠬᠠᠨ ᠥᠭᠦᠯᠡᠷᠦᠨ᠄ 《ᠴᠢᠩᠭᠢᠰ ᠬᠠᠭᠠᠨ ᠤ᠋ ᠨᠡᠷ᠎ᠡ ᠠᠯᠳᠠᠷ ᠢ᠋ ᠰᠣᠨᠣᠰᠴᠤ ᠠᠶᠤᠨ ᠪᠢᠰᠢᠷᠡᠵᠦ ᠪᠠᠢᠪᠠ ᠪᠢᠳᠡ᠃ ᠣᠳᠣ ᠰᠦᠯᠳᠡᠲᠦ ᠪᠡᠶ᠎ᠡ ᠶ᠋ᠢ ᠴᠢᠨᠢ ᠬᠦᠷᠴᠦ ᠢᠷᠡᠭᠰᠡᠨ ᠳ᠋ᠦ᠍ ᠰᠦᠷᠳᠡᠨ ᠶᠡᠬᠡ ᠠᠶᠤᠵᠤ ᠪᠠᠢᠨ᠎ᠠ᠃ ᠠᠶᠤᠨ ᠰᠦᠷᠳᠡᠭᠰᠡᠨ ᠮᠠᠨ ᠤ᠋ ᠲᠠᠩᠭ᠋ᠣᠳ ᠤᠯᠤᠰ ᠪᠠᠷᠠᠭᠤᠨ ᠭᠠᠷ ᠴᠢᠨᠢ ᠪᠣᠯᠵᠤ ᠬᠦᠴᠦ ᠪᠡᠨ ᠥᠭᠭᠦᠶ᠎ᠡ》 ᠭᠡᠪᠡ᠃ 《ᠬᠦᠴᠦ ᠪᠡᠨ ᠥᠭᠬᠦ ᠳ᠋ᠡᠭᠡᠨ ᠪᠢᠳᠡ᠂ ᠪᠠᠢᠭᠰᠠᠨ ᠭᠠᠵᠠᠷ ᠲᠤ᠌ ᠪᠠᠨ ᠪᠠᠢᠷᠢᠨ ᠨᠤᠲᠤᠭᠯᠠᠳᠠᠭ ᠰᠢᠪᠡᠷ ᠬᠣᠲᠠᠨ ᠳ᠋ᠠᠭᠠᠨ ᠰᠢᠪᠠᠯᠳᠤᠨ ᠰᠠᠭᠤᠳᠠᠭ ᠬᠥᠮᠦᠰ ᠲᠤᠯᠠ ᠬᠤᠷᠳᠤᠨ ᠠᠶᠠᠨ ᠳ᠋ᠤ᠌ ᠲᠦᠷᠭᠡᠨ ᠬᠥᠳᠡᠯᠵᠦ ᠴᠢᠳᠠᠬᠤ ᠦᠭᠡᠢ ᠬᠤᠷᠴᠠ ᠲᠡᠢᠨ ᠳ᠋ᠦ᠍ ᠳᠠᠷᠤᠢ ᠮᠣᠷᠳᠠᠵᠤ ᠠᠮᠵᠢᠬᠤ ᠦᠭᠡᠢ᠃ ᠬᠠᠭᠠᠨ ᠴᠢᠩᠭᠢᠰ ᠰᠣᠶᠣᠷᠬᠠᠪᠠᠯ ᠬᠠᠮᠤᠭ ᠲᠠᠩᠭ᠋ᠣᠳ ᠤᠯᠤᠰ ᠥᠨᠳᠥᠷ ᠳᠡᠷᠡᠰᠦᠨ ᠦ᠌ ᠨᠥᠮᠥᠷᠢ ᠳ᠋ᠦ᠍ ᠥᠰᠬᠡᠭᠰᠡᠨ ᠣᠯᠠᠨ ᠲᠡᠮᠡᠭᠡ ᠪᠡᠨ ᠡᠷᠭᠦᠯ ᠪᠣᠯᠭᠠᠵᠤ ᠲᠤᠰᠠᠯᠠᠶ᠎ᠠ᠃ ᠥᠪᠡᠷ ᠦ᠋ᠨ ᠭᠠᠷ ᠢ᠋ᠶ᠋ᠠᠷ ᠨᠡᠬᠡᠭᠰᠡᠨ ᠥᠷᠮᠥᠭ ᠪᠥᠰ ᠢᠳᠡᠭᠡ ᠶ᠋ᠢ ᠪᠡᠯᠡᠭ ᠪᠣᠯᠭᠠᠵᠤ ᠥᠭᠭᠦᠶ᠎ᠡ᠃ ᠠᠷᠭ᠎ᠠ ᠴᠢᠳᠠᠯ ᠢ᠋ᠶ᠋ᠠᠷ ᠰᠤᠷᠭᠠᠭᠰᠠᠨ ᠠᠩᠴᠢ ᠱᠣᠩᠬᠣᠷ ᠰᠢᠪᠠᠭᠤᠳ ᠤ᠋ᠨ ᠠᠯᠢ ᠰᠠᠢᠨ ᠢ᠋ ᠨᠢ ᠬᠦᠷᠭᠡᠶ᠎ᠡ》 ᠭᠡᠵᠦ ᠥᠴᠢᠪᠡ᠃ ᠲᠡᠷᠡ ᠬᠡᠯᠡᠭᠰᠡᠨ ᠦᠭᠡᠨ ᠳ᠋ᠦ᠍ ᠪᠡᠨ ᠬᠦᠷᠴᠦ᠂ ᠲᠠᠩᠭᠤᠳ ᠢᠷᠭᠡᠨ ᠡᠴᠡ ᠲᠡᠮᠡᠭᠡ ᠲᠠᠲᠠᠪᠤᠷᠢᠯᠠᠵᠤ ᠲᠠᠭᠤᠵᠤ ᠪᠠᠷᠠᠭᠳᠠᠬᠤ ᠦᠭᠡᠢ ᠣᠯᠠᠨ ᠲᠡᠮᠡᠭᠡ ᠶ᠋ᠢ ᠠᠪᠴᠢᠷᠠᠵᠤ ᠥᠭᠪᠡ᠃
250᠂ ᠴᠢᠩᠭᠢᠰ ᠬᠠᠭᠠᠨ᠂ ᠡᠨᠡ ᠤᠳᠠᠭ᠎ᠠ ᠶ᠋ᠢᠨ ᠶᠠᠪᠤᠳᠠᠯ ᠳ᠋ᠤ᠌ ᠬᠢᠲᠠᠳ ᠤᠯᠤᠰ ᠤ᠋ᠨ ᠠᠯᠲᠠᠨ ᠬᠠᠭᠠᠨ ᠢ᠋ ᠳᠠᠭᠠᠷ᠎ᠠ ᠣᠷᠣᠭᠤᠯᠵᠤ᠂ ᠶᠡᠬᠡ ᠡᠳ᠋ ᠠᠭᠤᠷᠠᠰᠤ ᠠᠪᠤᠭᠠᠳ᠂ ᠬᠠᠰᠢᠨ ᠤᠯᠤᠰ ᠤ᠋ᠨ ᠪᠤᠷᠬᠠᠨ ᠢ᠋ ᠡᠯᠰᠡᠭᠦᠯᠵᠦ ᠣᠯᠠᠨ ᠲᠡᠮᠡᠭᠡ ᠶ᠋ᠢ ᠠᠪᠤᠪᠠ᠃ ᠲᠡᠢᠨ ᠬᠦ ᠴᠢᠩᠭᠢᠰ ᠬᠠᠭᠠᠨ᠂ ᠲᠡᠷᠡ ᠬᠣᠨᠢᠨ ᠵᠢᠯ ᠮᠣᠷᠢᠯᠠᠭᠠᠳ ᠬᠢᠲᠠᠳ ᠢᠷᠭᠡᠨ ᠦ᠌ ᠠᠬᠣᠳᠠᠢ ᠨᠡᠷ᠎ᠡ ᠲᠡᠢ ᠠᠯᠲᠠᠨ ᠬᠠᠭᠠᠨ ᠢ᠋ ᠡᠯᠰᠡᠭᠦᠯᠵᠦ᠂ ᠲᠠᠩᠭᠤᠳ ᠢᠷᠭᠡᠨ ᠦ᠌ ᠢᠯᠣᠬᠣ ᠪᠤᠷᠬᠠᠨ ᠢ᠋ ᠡᠯᠰᠡᠭᠦᠯᠦᠨ ᠬᠠᠷᠢᠵᠤ ᠰᠠᠭᠠᠷᠢ ᠬᠡᠭᠡᠷ᠎ᠡ ᠳ᠋ᠦ᠍ ᠪᠠᠭᠤᠪᠠ᠃
251᠂ ᠪᠠᠰᠠ ᠲᠡᠭᠦᠨ ᠦ᠌ ᠬᠣᠢᠨ᠎ᠠ᠂ ᠵᠣᠣ ᠭᠤᠸᠠᠨ ᠳ᠋ᠤ᠌ (ᠪᠤᠶᠤ ᠰᠥᠩ ᠤᠯᠤᠰ ᠤ᠋ᠨ ᠵᠣᠣ ᠬᠠᠭᠠᠨ) ᠨᠠᠢᠷᠠᠮᠳᠠᠬᠤ ᠪᠠᠷ ᠢᠯᠡᠭᠡᠭᠰᠡᠨ ᠳ᠋ᠦ᠍ ᠵᠤᠪᠬᠠᠨ ᠲᠡᠷᠢᠭᠦᠲᠡᠨ ᠣᠯᠠᠨ ᠡᠯᠴᠢ ᠶ᠋ᠢ ᠬᠢᠲᠠᠳ ᠤ᠋ᠨ ᠠᠯᠲᠠᠨ ᠬᠠᠭᠠᠨ ᠠᠯᠠᠭᠰᠠᠨ ᠲᠤᠯᠠ᠂ ᠴᠢᠩᠭᠢᠰ ᠬᠠᠭᠠᠨ ᠨᠣᠬᠠᠢ ᠵᠢᠯ (1214 ᠣᠨ ᠳ᠋ᠤ᠌) ᠬᠢᠲᠠᠳ ᠲᠠᠢ ᠪᠠᠢᠯᠳᠤᠬᠤ ᠪᠠᠷ ᠳᠠᠬᠢᠨ ᠮᠣᠷᠳᠠᠪᠠ᠃《ᠪᠢᠳᠡᠨ ᠲᠡᠢ ᠨᠠᠢᠷᠠᠮᠳᠠᠭᠰᠠᠨ ᠪᠠᠢᠲᠠᠯ᠎ᠠ᠂ ᠵᠣᠣ ᠭᠣᠧᠨᠨ ᠳ᠋ᠦ᠍ ᠢᠯᠡᠭᠡᠭᠰᠡᠨ ᠡᠯᠴᠢ ᠶ᠋ᠢ ᠶᠠᠭᠠᠬᠢᠭᠠᠳ ᠨᠥᠭᠴᠢᠭᠡᠭᠰᠡᠨ ᠪᠢᠯᠡ?》 ᠭᠡᠵᠦ ᠪᠠᠢᠯᠳᠤᠬᠤ ᠪᠠᠷ ᠮᠣᠷᠳᠠᠭᠠᠳ ᠴᠢᠩᠭᠢᠰ ᠬᠠᠭᠠᠨ᠂ ᠲᠦᠩ ᠭᠣᠧᠨᠨ ᠪᠣᠭᠣᠮᠲᠠ ᠶ᠋ᠢ ᠴᠢᠭᠯᠡᠵᠦ᠂ ᠵᠡᠪᠡ ᠶ᠋ᠢ ᠴᠠᠪᠴᠢᠶᠠᠯ ᠤ᠋ᠨ ᠴᠢᠭ ᠢ᠋ᠶ᠋ᠡᠷ ᠪᠠᠢᠯᠳᠤᠭᠤᠯᠪᠠ᠃ ᠴᠢᠩᠭᠢᠰ ᠬᠠᠭᠠᠨ ᠢ᠋ ᠲᠦᠩ ᠭᠣᠧᠨᠨ ᠪᠣᠭᠣᠮᠲᠠ ᠶ᠋ᠢ ᠡᠵᠡᠯᠡᠬᠦ ᠪᠡᠷ ᠶᠠᠪᠤᠪᠠ ᠭᠡᠵᠦ ᠠᠯᠲᠠᠨ ᠬᠠᠭᠠᠨ ᠮᠡᠳᠡᠵᠦ᠂ ᠢᠯᠡ᠂ ᠬᠠᠳᠠ᠂ ᠦᠪᠥᠬᠡᠳᠥᠷ ᠭᠤᠷᠪᠠ ᠪᠠᠷ ᠴᠡᠷᠢᠭ ᠢ᠋ᠶ᠋ᠡᠨ ᠵᠠᠬᠢᠷᠤᠭᠤᠯᠵᠤ᠂ ᠪᠠᠰᠠ ᠨᠡᠮᠡᠯᠲᠡ ᠬᠦᠴᠦ ᠪᠣᠯᠭᠠᠵᠤ᠂ ᠤᠯᠠᠭᠠᠨ ᠲᠡᠬᠡᠯᠡᠨ ᠢ᠋ ᠮᠠᠩᠯᠠᠢ ᠳ᠋ᠤ᠌ ᠶᠠᠪᠤᠭᠤᠯᠤᠭᠠᠳ ᠲᠦᠩ ᠭᠣᠧᠨᠨ ᠪᠣᠭᠣᠮᠲᠠ ᠶ᠋ᠢ ᠪᠡᠬᠢᠯᠡᠵᠦ᠂ ᠳᠠᠪᠠᠭ᠎ᠠ ᠶ᠋ᠢ ᠪᠤᠤ ᠳᠠᠪᠠᠭᠤᠯᠤᠭᠲᠤᠨ! ᠭᠡᠵᠦ ᠢᠯᠡ᠂ ᠬᠠᠳᠠ᠂ ᠦᠪᠥᠬᠡᠳᠥᠷ ᠭᠤᠷᠪᠠ ᠶ᠋ᠢᠨ ᠴᠡᠷᠢᠭ ᠢ᠋ ᠬᠤᠷᠳᠤᠯᠠᠭᠤᠯᠤᠨ ᠢᠯᠡᠭᠡᠪᠡ᠃ ᠴᠢᠩᠭᠢᠰ ᠬᠠᠭᠠᠨ᠂ ᠲᠦᠩ ᠭᠣᠧᠨᠨ ᠪᠣᠭᠣᠮᠲᠠ ᠶ᠋ᠢ ᠬᠦᠷᠪᠡᠯ ᠬᠢᠲᠠᠳ ᠤ᠋ᠨ ᠴᠡᠷᠢᠭ ᠦ᠋ᠳ ᠠᠭᠤᠯᠠ ᠶ᠋ᠢ ᠪᠦᠷᠬᠦᠵᠦ᠂ ᠬᠥᠨᠳᠡᠢ ᠶ᠋ᠢ ᠪᠢᠯᠬᠠᠵᠤ ᠪᠠᠢᠨ᠎ᠠ᠃ ᠴᠢᠩᠭᠢᠰ ᠬᠠᠭᠠᠨ᠂ ᠢᠯᠡ ᠬᠠᠳᠠ ᠦᠪᠥᠬᠡᠳᠥᠷ ᠭᠤᠷᠪᠠ ᠲᠠᠢ ᠪᠠᠢᠯᠳᠤᠵᠤ᠂ ᠢᠯᠡ ᠬᠠᠳᠠ ᠨᠠᠷ ᠢ᠋ ᠤᠬᠤᠷᠢᠭᠤᠯᠪᠠ᠃ ᠲᠤᠯᠤᠢ᠂ ᠴᠥᠬᠥ ᠬᠦᠷᠭᠡᠨ ᠬᠣᠶᠠᠷ᠂ ᠬᠥᠨᠳᠡᠯᠡᠨ ᠡᠴᠡ ᠳᠣᠪᠲᠣᠯᠵᠤ᠂ ᠤᠯᠠᠭᠠᠨ ᠲᠡᠬᠡᠯᠡᠨ ᠢ᠋ ᠨᠢᠴᠤᠭᠠᠨ ᠳᠠᠷᠤᠭᠠᠳ ᠢᠯᠡ ᠬᠠᠳᠠ ᠨᠠᠷ ᠢ᠋ ᠴᠡᠷᠢᠭ ᠦ᠋ᠨ ᠬᠠᠵᠠᠭᠤ ᠠ᠋ᠴᠠ ᠴᠣᠬᠢᠵᠤ᠂ ᠬᠢᠲᠠᠳ ᠢ᠋ ᠵᠣᠮᠭᠣᠯ ᠪᠣᠯᠲᠠᠯ᠎ᠠ ᠬᠢᠳᠤᠪᠠ᠃ ᠬᠢᠲᠠᠳ ᠤ᠋ᠨ ᠴᠡᠷᠢᠭ ᠦ᠋ᠳ ᠬᠢᠳᠤᠭᠳᠠᠨ ᠪᠠᠷᠠᠭᠳᠠᠪᠠ ᠭᠡᠵᠦ ᠠᠯᠲᠠᠨ ᠬᠠᠭᠠᠨ ᠪᠠᠯᠭᠠᠰᠤᠨ ᠠ᠋ᠴᠠ ᠵᠠᠢᠯᠠᠨ ᠳᠤᠲᠠᠭᠠᠵᠤ ᠨᠠᠨᠵᠢᠩ (ᠠᠯᠲᠠᠨ ᠤᠯᠤᠰ ᠤ᠋ᠨ ᠡᠮᠦᠨ᠎ᠡ ᠨᠡᠢᠰᠯᠡᠯ ᠪᠥᠭᠡᠳ ᠪᠢᠶᠠᠨ ᠯᠢᠶᠠᠩ ᠬᠣᠲᠠ᠂ ᠣᠳᠣ ᠶ᠋ᠢᠨ ᠾᠧᠨᠠᠨ ᠮᠣᠵᠢ ᠶ᠋ᠢᠨ ᠺᠠᠢ᠌ᠹᠸᠩ ᠹᠦ) ᠬᠣᠲᠠ ᠳ᠋ᠤ᠌ ᠣᠴᠢᠵᠤ ᠰᠠᠭᠤᠪᠠ᠃ ᠦᠯᠡᠳᠡᠭᠰᠡᠨ ᠴᠡᠷᠢᠭ ᠨᠢ ᠥᠯᠥᠰᠴᠦ ᠦᠬᠦᠵᠡᠭᠡᠭᠰᠡᠨ ᠪᠠ ᠥᠪᠡᠷ ᠵᠠᠭᠤᠷ᠎ᠠ ᠪᠠᠨ ᠠᠯᠠᠯᠴᠠᠵᠤ᠂ ᠬᠥᠮᠦᠨ ᠦ᠌ ᠮᠢᠬ᠎ᠠ ᠶ᠋ᠢ ᠢᠳᠡᠯᠴᠡᠵᠡᠢ᠃ ᠲᠤᠯᠤᠢ ᠴᠥᠬᠥ ᠬᠦᠷᠭᠡᠨ ᠬᠣᠶᠠᠷ ᠢ᠋ ᠰᠠᠢᠨ ᠪᠠᠢᠯᠳᠤᠪᠠ ᠭᠡᠵᠦ ᠴᠢᠩᠭᠢᠰ ᠬᠠᠭᠠᠨ ᠶᠡᠬᠡᠳᠡ ᠰᠠᠢᠰᠢᠶᠠᠪᠠ᠃
252᠂ ᠴᠢᠩᠭᠢᠰ ᠬᠠᠭᠠᠨ ᠾᠧ ᠰᠢ ᠹᠦ ᠳ᠋ᠦ᠍ ᠪᠠᠭᠤᠭᠠᠳ ᠳᠠᠷᠠᠭ᠎ᠠ ᠨᠢ ᠵᠥᠩᠲᠦ ᠶ᠋ᠢᠨ ᠰᠢᠷ᠎ᠠ ᠬᠡᠭᠡᠷ᠎ᠡ ᠳ᠋ᠦ᠍ ᠪᠠᠭᠤᠪᠠ᠃ ᠵᠡᠪᠡ᠂ ᠴᠠᠪᠴᠢᠶᠠᠯ ᠪᠣᠭᠣᠮᠲᠠ ᠶ᠋ᠢᠨ ᠬᠠᠭᠠᠯᠭ᠎ᠠ ᠶ᠋ᠢ ᠡᠪᠳᠡᠵᠦ᠂ ᠲᠡᠨᠳᠡ ᠡᠴᠡ ᠴᠡᠷᠢᠭ ᠬᠥᠳᠡᠯᠭᠡᠵᠦ ᠴᠢᠩᠭᠢᠰ ᠬᠠᠭᠠᠨ ᠳ᠋ᠤ᠌ ᠢᠷᠡᠵᠦ ᠨᠡᠢᠯᠡᠪᠡ᠃ ᠠᠯᠲᠠᠨ ᠬᠠᠭᠠᠨ᠂ ᠵᠥᠩᠲᠦ ᠡᠴᠡ ᠵᠠᠢᠯᠠᠬᠤ ᠳ᠋ᠠᠭᠠᠨ ᠵᠥᠩᠲᠦ ᠬᠣᠲᠠ ᠳ᠋ᠤ᠌ ᠬᠠᠳᠠ ᠨᠡᠷᠡᠲᠡᠢ ᠨᠣᠶᠠᠨ ᠢ᠋ ᠯᠢᠦ ᠱᠧᠦ ᠭᠡᠳᠡᠭ ᠰᠠᠢᠳ ᠪᠣᠯᠭᠠᠵᠤ ᠣᠷᠬᠢᠭᠰᠠᠨ ᠠᠵᠢ᠃ ᠴᠢᠩᠭᠢᠰ ᠬᠠᠭᠠᠨ᠂ ᠵᠥᠩᠲᠦ ᠪᠠᠯᠭᠠᠰᠤᠨ ᠤ᠋ ᠠᠯᠲᠠ᠂ ᠮᠥᠩᠭᠥ᠂ ᠡᠳ᠋ ᠠᠭᠤᠷᠠᠰᠤ᠂ ᠶᠠᠭᠤᠮ᠎ᠠ ᠶ᠋ᠢ ᠲᠣᠭᠠᠯᠠᠭᠤᠯᠬᠤ ᠪᠠᠷ ᠥᠩᠭᠥᠷ ᠪᠠᠭᠤᠷᠴᠢ᠂ ᠠᠷᠬᠠᠢ ᠬᠠᠰᠠᠷ᠂ ᠰᠢᠭᠢᠬᠤᠲᠤᠭ ᠭᠤᠷᠪᠠ ᠶ᠋ᠢ ᠢᠯᠡᠭᠡᠪᠡ᠃ ᠡᠳᠡ ᠭᠤᠷᠪᠠ ᠶ᠋ᠢ ᠣᠴᠢᠬᠤ ᠳ᠋ᠤ᠌ ᠬᠠᠳᠠ ᠨᠣᠶᠠᠨ ᠤᠭᠲᠤᠵᠤ᠂ ᠠᠯᠲᠠ ᠲᠠᠢ ᠬᠡ ᠲᠡᠢ ᠡᠳ᠋ ᠠᠭᠤᠷᠠᠰᠤ ᠶ᠋ᠢ ᠪᠠᠷᠢᠵᠤ ᠬᠣᠲᠠ ᠳᠣᠲᠣᠷ᠎ᠠ ᠠ᠋ᠴᠠ ᠭᠠᠷᠴᠤ ᠠᠭᠤᠯᠵᠠᠪᠠ᠃ ᠬᠠᠳᠠ ᠳ᠋ᠤ᠌ ᠰᠢᠭᠢᠬᠤᠲᠤᠭ ᠥᠭᠦᠯᠡᠷᠦᠨ᠄ 《ᠤᠷᠢᠳᠤ ᠡᠨᠡ ᠵᠥᠩᠲᠦ ᠬᠣᠲᠠ ᠪᠠ ᠵᠥᠩᠲᠦ ᠶ᠋ᠢᠨ ᠡᠳ᠋ ᠶᠠᠭᠤᠮ᠎ᠠ ᠠᠯᠲᠠᠨ ᠬᠠᠭᠠᠨ ᠤ᠋ ᠬᠢ ᠪᠠᠢᠪᠠ᠃ ᠣᠳᠣ ᠵᠥᠩᠲᠦ᠂ ᠴᠢᠩᠭᠢᠰ ᠬᠠᠭᠠᠨ ᠤ᠋ ᠬᠢ ᠪᠣᠯᠪᠠ᠃ ᠴᠢᠩᠭᠢᠰ ᠬᠠᠭᠠᠨ ᠤ᠋ ᠡᠳ᠋ ᠠᠭᠤᠷᠠᠰᠤ ᠶ᠋ᠢ ᠴᠢ ᠶᠠᠭᠠᠬᠢᠭᠠᠳ ᠳᠠᠯᠳᠠᠭᠤᠷ ᠬᠤᠯᠠᠭᠠᠢᠯᠠᠨ ᠠᠪᠴᠢᠷᠠᠵᠤ ᠥᠭᠴᠦ ᠪᠠᠢᠨ᠎ᠠ? ᠡᠭᠦᠨ ᠢ᠋ ᠪᠢ ᠠᠪᠬᠤ ᠦᠭᠡᠢ》 ᠭᠡᠵᠦ ᠰᠢᠭᠢᠬᠤᠲᠤᠭ ᠡᠰᠡ ᠠᠪᠤᠪᠠ᠃ ᠥᠩᠭᠥᠷ ᠪᠠᠭᠤᠷᠴᠢ᠂ ᠠᠷᠬᠠᠢ ᠬᠠᠰᠠᠷ ᠬᠣᠶᠠᠷ ᠠᠪᠤᠪᠠ᠃ ᠡᠨᠡ ᠭᠤᠷᠪᠠ ᠵᠥᠩᠲᠦ ᠶ᠋ᠢᠨ ᠶᠠᠭᠤᠮ᠎ᠠ ᠶ᠋ᠢ ᠲᠣᠭᠠᠯᠠᠵᠤ ᠢᠷᠡᠪᠡ᠃ ᠲᠡᠨᠳᠡ ᠴᠢᠩᠭᠢᠰ ᠬᠠᠭᠠᠨ᠂ ᠥᠩᠭᠥᠷ᠂ ᠠᠷᠬᠠᠢ᠂ ᠰᠢᠭᠢᠬᠤᠲᠤᠭ ᠭᠤᠷᠪᠠ ᠠ᠋ᠴᠠ 《ᠬᠠᠳᠠ ᠶᠠᠭᠤ ᠥᠭᠪᠡ?》 ᠭᠡᠵᠦ ᠠᠰᠠᠭᠤᠪᠠᠯ ᠰᠢᠭᠢᠬᠤᠲᠤᠭ ᠥᠭᠦᠯᠡᠷᠦᠨ᠄ 《ᠠᠯᠲᠠ ᠲᠠᠢ᠂ ᠬᠡ ᠲᠡᠢ ᠠᠭᠤᠷᠠᠰᠤ ᠶ᠋ᠢ ᠠᠪᠴᠢᠷᠠᠵᠤ ᠥᠭᠪᠡ᠃ ᠮᠢᠨᠦ ᠬᠢᠭᠰᠡᠨ ᠨᠢ᠄ 〈ᠤᠷᠢᠳᠤ ᠡᠨᠡ ᠵᠥᠩᠲᠦ᠂ ᠠᠯᠲᠠᠨ ᠬᠠᠭᠠᠨ ᠤ᠋ ᠬᠢ ᠪᠠᠢᠪᠠ᠃ ᠣᠳᠣ ᠴᠢᠩᠭᠢᠰ ᠬᠠᠭᠠᠨ ᠤ᠋ ᠬᠢ ᠪᠣᠯᠪᠠ᠃ ᠬᠠᠳᠠ ᠴᠢ᠂ ᠴᠢᠩᠭᠢᠰ ᠬᠠᠭᠠᠨ ᠤ᠋ ᠡᠳ᠋ ᠶᠠᠭᠤᠮ᠎ᠠ ᠶ᠋ᠢ ᠳᠠᠯᠳᠠᠭᠤᠷ ᠬᠤᠯᠠᠭᠠᠢᠯᠠᠵᠤ ᠶᠠᠭᠠᠬᠢᠨ ᠥᠭᠭᠦᠨ᠎ᠡ?〉 ᠭᠡᠵᠦ ᠪᠢ ᠡᠰᠡ ᠠᠪᠤᠪᠠ᠃ ᠥᠩᠭᠥᠷ ᠠᠷᠬᠠᠢ ᠬᠣᠶᠠᠷ᠂ᠥᠭᠭᠦᠭᠰᠡᠨ ᠢ᠋ ᠨᠢ ᠠᠪᠤᠯ᠎ᠠ》 ᠭᠡᠪᠡ᠃ ᠲᠡᠭᠡᠬᠦ ᠳ᠋ᠦ᠍ ᠴᠢᠩᠭᠢᠰ ᠬᠠᠭᠠᠨ᠂ ᠥᠩᠭᠥᠷ ᠠᠷᠬᠠᠢ ᠬᠣᠶᠠᠷ ᠢ᠋ ᠮᠠᠰᠢ ᠪᠤᠷᠤᠭᠤᠰᠢᠶᠠᠨ ᠲᠣᠩᠭ᠋ᠣᠳᠪᠠ᠃ ᠰᠢᠭᠢᠬᠤᠲᠤᠭ ᠢ᠋ 《ᠴᠢ ᠶᠡᠬᠡ ᠶᠣᠰᠣ ᠶ᠋ᠢ ᠰᠡᠳᠬᠢᠵᠡᠢ》 ᠭᠡᠵᠦ ᠮᠠᠰᠢ ᠰᠠᠢᠰᠢᠶᠠᠨ ᠰᠣᠶᠣᠷᠬᠠᠵᠤ᠂ 《ᠴᠢ ᠮᠢᠨᠦ ᠦᠵᠡᠬᠦ ᠨᠢᠳᠦ᠂ ᠰᠣᠨᠣᠰᠬᠤ ᠴᠢᠬᠢ ᠪᠢᠰᠢᠦ》 ᠭᠡᠵᠦ ᠵᠠᠷᠯᠢᠭ ᠪᠣᠯᠪᠠ᠃
253᠂ ᠠᠯᠲᠠᠨ ᠬᠠᠭᠠᠨ ᠨᠠᠠᠵᠢᠩ ᠣᠷᠣᠵᠤ ᠥᠪᠡᠷ ᠢ᠋ᠶ᠋ᠡᠨ ᠨᠠᠢᠷᠠᠮᠳᠠᠶ᠎ᠠ ᠭᠡᠵᠦ ᠮᠥᠷᠭᠥᠵᠦ᠂ ᠲᠡᠭᠷᠢ ᠨᠡᠷᠡᠲᠦ ᠬᠥᠪᠡᠭᠦᠨ ᠢ᠋ᠶ᠋ᠡᠨ ᠵᠠᠭᠤᠨ ᠨᠥᠬᠥᠳ ᠲᠡᠢ ᠪᠡᠷ ᠴᠢᠩᠭᠢᠰ ᠬᠠᠭᠠᠨ ᠳ᠋ᠤ᠌ ᠰᠢᠳᠠᠷ ᠴᠡᠷᠢᠭ ᠪᠣᠯᠲᠤᠭᠠᠢ! ᠭᠡᠵᠦ ᠢᠯᠡᠭᠡᠪᠡ᠃ ᠴᠢᠩᠭᠢᠰ ᠬᠠᠭᠠᠨ᠂ ᠲᠡᠳᠡᠨ ᠦ᠌ ᠨᠠᠢᠷᠠᠮᠳᠠᠶ᠎ᠠ ᠭᠡᠰᠡᠨ ᠢ᠋ ᠵᠥᠪᠰᠢᠶᠡᠷᠡᠵᠦ 《ᠪᠤᠴᠠᠶ᠎ᠠ》 ᠭᠡᠵᠦ ᠥᠪᠡᠷ ᠢ᠋ᠶ᠋ᠡᠨ ᠴᠠᠪᠴᠢᠶᠠᠯ ᠪᠣᠭᠣᠮᠲᠠ ᠶ᠋ᠢ ᠳᠠᠭᠠᠷᠢᠨ ᠪᠤᠴᠠᠬᠤ ᠭᠡᠵᠦ ᠬᠠᠰᠠᠷ ᠲᠤ᠌ ᠵᠡᠭᠦᠨ ᠭᠠᠷ ᠤ᠋ᠨ ᠴᠡᠷᠢᠭ ᠢ᠋ ᠵᠠᠬᠢᠷᠤᠭᠤᠯᠤᠨ ᠳᠠᠯᠠᠢ ᠶ᠋ᠢᠨ ᠬᠥᠪᠡᠭᠡ ᠪᠡᠷ ᠬᠡᠵᠢᠨ ᠶᠠᠪᠤᠵᠤ᠂ ᠪᠧᠢ᠌ᠬᠢᠩ ᠭᠡᠳᠡᠭ ᠬᠣᠢᠲᠤ ᠨᠡᠢᠰᠯᠡᠯ (ᠲᠠᠨᠠᠨ ᠪᠠᠯᠭᠠᠰᠤ) ᠳ᠋ᠤ᠌ ᠪᠠᠭᠤᠭᠠᠳ ᠲᠡᠷᠡ ᠬᠣᠲᠠ ᠶ᠋ᠢ ᠳᠠᠭᠠᠭᠤᠯᠵᠤ ᠲᠡᠭᠦᠨ ᠡᠴᠡ ᠴᠠᠰᠢ ᠵᠦᠷᠴᠢᠳ ᠦ᠋ᠨ ᠪᠣᠬᠠᠨᠣ ᠶ᠋ᠢ (ᠣᠳᠣ ᠶ᠋ᠢᠨ ᠥᠪᠥᠷ ᠮᠣᠩᠭᠣᠯ ᠤ᠋ᠨ ᠵᠡᠭᠦᠨ ᠬᠡᠰᠡᠭ) ᠳᠠᠭᠠᠷᠢᠨ᠂ ᠬᠡᠷᠪᠡ ᠪᠣᠬᠠᠨᠣ ᠶ᠋ᠢ ᠪᠠᠢᠯᠳᠤᠬᠤ ᠶ᠋ᠢ ᠰᠡᠳᠬᠢᠪᠡᠯ ᠪᠠᠢᠯᠳᠤᠭᠲᠤᠨ! ᠡᠯᠰᠡᠵᠦ ᠣᠷᠣᠪᠠᠯ ᠲᠡᠭᠦᠨ ᠦ᠌ ᠬᠢᠵᠠᠭᠠᠷ ᠤ᠋ᠨ ᠬᠣᠲᠠ ᠤ᠋ᠳ ᠢ᠋ ᠳᠠᠭᠠᠷᠢᠨ ᠤᠯᠠ᠂ ᠨᠤᠨ ᠮᠥᠷᠡᠨ ᠢ᠋ ᠣᠭᠲᠣᠯᠤᠨ ᠣᠳᠴᠤ᠂ ᠲᠣᠣᠷ ᠤ᠋ᠨ ᠭᠣᠣᠯ ᠢ᠋ ᠥᠭᠰᠥᠵᠦ᠂ ᠬᠢᠩᠭᠠᠨ ᠤ᠋ ᠳᠠᠪᠠᠭ᠎ᠠ ᠶ᠋ᠢ ᠳᠠᠪᠠᠵᠤ᠂ ᠶᠡᠬᠡ ᠠᠭᠤᠷᠤᠭ ᠣᠷᠳᠣᠨ ᠳ᠋ᠤ᠌ ᠨᠡᠢᠯᠡᠨ ᠢᠷᠡᠲᠦᠭᠡᠢ!》 ᠭᠡᠵᠦ ᠢᠯᠡᠭᠡᠪᠡ᠃ ᠬᠠᠰᠠᠷ ᠲᠠᠢ ᠵᠦᠷᠴᠢᠳᠡᠢ᠂ ᠠᠯᠴᠢ᠂ ᠲᠤᠯᠤᠨ ᠴᠢᠷᠪᠢ ᠭᠤᠷᠪᠠᠨ ᠨᠣᠶᠠᠨ ᠢ᠋ ᠢᠯᠡᠭᠡᠯᠴᠡᠪᠡ᠃ ᠬᠠᠰᠠᠷ ᠪᠧᠢ᠌ᠬᠢᠩ ᠬᠣᠲᠠ ᠶ᠋ᠢ ᠣᠷᠣᠭᠤᠯᠵᠤ᠂ ᠵᠦᠷᠴᠢᠳ ᠦ᠋ᠨ ᠪᠣᠬᠠᠨᠣ ᠶ᠋ᠢ ᠳᠠᠭᠠᠷ᠎ᠠ ᠣᠷᠣᠭᠤᠯᠵᠤ᠂ ᠮᠥᠷ ᠲᠦ᠍ ᠲᠣᠬᠢᠶᠠᠯᠳᠤᠭᠰᠠᠨ ᠬᠣᠲᠠ ᠤ᠋ᠳ ᠢ᠋ ᠡᠵᠡᠯᠡᠭᠡᠳ ᠲᠣᠣᠷ ᠭᠣᠣᠯ ᠢ᠋ ᠥᠭᠰᠥᠨ ᠳᠠᠪᠠᠭ᠎ᠠ ᠶ᠋ᠢ ᠳᠠᠪᠠᠵᠤ᠂ ᠴᠢᠩᠭᠢᠰ ᠦ᠋ᠨ ᠤᠤᠯ ᠣᠷᠳᠣᠨ ᠳ᠋ᠤ᠌ ᠪᠠᠭᠤᠵᠤ ᠢᠷᠡᠪᠡ᠃
254᠂ ᠲᠡᠭᠦᠨ ᠦ᠌ ᠬᠣᠢᠨ᠎ᠠ ᠴᠢᠩᠭᠢᠰ ᠬᠠᠭᠠᠨ ᠤ᠋ ᠰᠠᠷᠲᠠᠭᠤᠯ (ᠳᠤᠮᠳᠠᠳᠤ ᠠᠽᠢᠶ᠎ᠠ ᠶ᠋ᠢᠨ ᠲᠦᠷᠺᠡᠰᠲ᠋ᠠᠨ) ᠢᠷᠭᠡᠨ ᠳ᠋ᠦ᠍ ᠶᠠᠪᠤᠭᠤᠯᠤᠭᠰᠠᠨ ᠤᠬᠤᠨ᠎ᠠ ᠲᠡᠷᠢᠭᠦᠲᠡᠨ ᠵᠠᠭᠤᠨ ᠡᠯᠴᠢ ᠠᠯᠠᠭᠳᠠᠭᠰᠠᠨ ᠳ᠋ᠤ᠌᠂ ᠴᠢᠩᠭᠢᠰ ᠬᠠᠭᠠᠨ ᠥᠭᠦᠯᠡᠷᠦᠨ᠄ 《ᠠᠯᠲᠠᠨ ᠠᠷᠭᠠᠮᠵᠢᠶ᠎ᠠ ᠪᠠᠨ ᠰᠠᠷᠲᠠᠭᠤᠯ ᠢᠷᠭᠡᠨ ᠢ᠋ᠶ᠋ᠡᠷ ᠲᠠᠰᠤᠯᠠᠭᠤᠯᠤᠭᠠᠳ ᠵᠦᠭᠡᠷ ᠣᠷᠬᠢᠵᠤ ᠪᠣᠯᠬᠤ ᠤᠤ? ᠤᠬᠤᠨ᠎ᠠ ᠲᠡᠷᠢᠭᠦᠲᠡᠢ ᠵᠠᠭᠤᠨ ᠡᠯᠴᠢ ᠶ᠋ᠢᠨ ᠥᠰᠢᠯ ᠢ᠋ ᠥᠰᠢᠵᠦ᠂ ᠬᠢᠰᠠᠯ ᠢ᠋ ᠬᠢᠰᠠᠵᠤ᠂ ᠰᠠᠷᠲᠠᠭᠤᠯ ᠤᠯᠤᠰ ᠲᠠᠢ ᠪᠠᠢᠯᠳᠤᠶ᠎ᠠ》 ᠭᠡᠵᠦ ᠮᠣᠷᠳᠠᠬᠤ ᠳ᠋ᠤ᠌ ᠶᠢᠰᠣᠢ ᠬᠠᠲᠤᠨ ᠴᠢᠩᠭᠢᠰ ᠬᠠᠭᠠᠨ ᠳ᠋ᠤ᠌ ᠳᠤᠷᠠᠳᠬᠠᠨ ᠥᠴᠢᠭᠰᠡᠨ ᠨᠢ᠄
《ᠬᠠᠭᠠᠨ᠂ ᠥᠨᠳᠥᠷ ᠳᠠᠪᠠᠭ᠎ᠠ ᠶ᠋ᠢ ᠳᠠᠪᠠᠵᠤ ᠥᠷᠭᠡᠨ ᠮᠥᠷᠡᠨ ᠢ᠋ ᠭᠡᠲᠦᠯᠵᠦ ᠤᠷᠲᠤ ᠠᠶᠠᠨ ᠳ᠋ᠤ᠌ ᠮᠣᠷᠢᠯᠠᠬᠤ ᠳ᠋ᠠᠭᠠᠨ ᠤᠯᠤᠰ ᠢᠷᠭᠡᠨ ᠢ᠋ᠶ᠋ᠡᠨ ᠵᠠᠬᠢᠷᠬᠤ ᠶ᠋ᠢ ᠤᠷᠢᠳᠠᠯ ᠪᠣᠯᠭᠠᠵᠤ ᠰᠡᠳᠬᠢᠨ᠎ᠡ᠃ ᠲᠥᠷᠥᠭᠰᠡᠨ ᠪᠡᠶ᠎ᠡ ᠶ᠋ᠢ ᠲᠦᠯᠪᠡᠷᠡᠬᠦ ᠲᠦᠮᠡᠨ ᠠᠮᠢᠲᠠᠨ ᠤ᠋ ᠬᠠᠤᠯᠢ ᠶ᠋ᠢ ᠲᠡᠭᠦᠰ ᠤᠬᠠᠭᠠᠨ ᠳ᠋ᠠᠭᠠᠨ ᠰᠠᠨᠠᠭᠠᠰᠠᠢ᠃ ᠠᠭᠤᠯᠠ ᠮᠡᠲᠦ ᠪᠡᠶ᠎ᠡ ᠴᠢᠨᠢ ᠨᠤᠷᠠᠵᠤ ᠣᠳᠪᠠᠯ ᠤᠯᠤᠰ ᠣᠷᠣᠨ ᠮᠣᠩᠭ᠋ᠣᠯ ᠢ᠋ ᠴᠢᠨᠢ ᠬᠡᠨ ᠵᠠᠬᠢᠷᠬᠤ ᠶᠤᠮ ᠪᠣᠢ? ᠲᠤᠯᠭᠠᠭᠤᠷᠢ ᠮᠡᠲᠦ ᠪᠡᠶ᠎ᠡ ᠴᠢᠨᠢ ᠳᠦᠢᠪᠡᠵᠦ ᠣᠳᠪᠠᠯ ᠲᠤᠭ ᠶᠡᠬᠡ ᠰᠦᠯᠳᠡ ᠶ᠋ᠢ ᠴᠢᠨᠢ ᠬᠡᠨ ᠡᠷᠭᠦᠬᠦ ᠶᠦ᠍ᠮ ᠪᠣᠢ? ᠲᠥᠷᠥᠭᠰᠡᠨ ᠳᠥᠷᠪᠡᠨ ᠬᠦᠦ ᠡᠴᠡ ᠴᠢᠨᠢ ᠲᠥᠷᠥ ᠪᠠᠷᠢᠬᠤ ᠨᠢ ᠬᠡᠨ ᠪᠣᠢ? ᠬᠠᠨ ᠬᠥᠪᠡᠭᠦᠨ ᠳᠡᠭᠦᠦ ᠨᠠᠷ ᠬᠠᠷᠠᠴᠤ ᠣᠯᠠᠨ ᠠᠷᠠᠳ ᠪᠠ ᠬᠠᠲᠤᠳ ᠪᠢᠳᠡ ᠪᠦᠬᠦᠨ ᠳ᠋ᠦ᠍ ᠬᠠᠷᠢᠭᠤ ᠠᠢᠯᠠᠳᠬᠤ ᠡᠰᠡᠬᠦ ᠶ᠋ᠢ ᠬᠠᠭᠠᠨ ᠤ᠋ ᠵᠠᠷᠯᠢᠭ ᠮᠡᠳᠡᠲᠦᠭᠡᠢ》 ᠭᠡᠵᠦ ᠥᠴᠢᠪᠡᠯ᠂ ᠴᠢᠩᠭᠢᠰ ᠬᠠᠭᠠᠨ ᠵᠠᠷᠯᠢᠭ ᠪᠣᠯᠤᠷᠤᠨ᠄ 《ᠬᠠᠲᠤᠨ ᠬᠥᠮᠦᠨ ᠪᠣᠯᠪᠠᠴᠤ ᠶᠢᠰᠣᠢ ᠶ᠋ᠢᠨ ᠬᠡᠯᠡᠭᠰᠡᠨ ᠦᠭᠡ ᠵᠥᠪ ᠡᠴᠡ ᠵᠥᠪ! ᠳᠡᠭᠦᠦ ᠨᠠᠷ ᠬᠥᠪᠡᠭᠦᠳ᠂ ᠪᠣᠭᠣᠷᠴᠤ᠂ ᠮᠤᠬᠤᠯᠠᠢ ᠲᠠ ᠨᠠᠷ ᠤ᠋ᠨ ᠠᠯᠢ ᠨᠢ ᠴᠦ᠍ ᠡᠨᠡ ᠦᠭᠡ ᠶ᠋ᠢ ᠳᠤᠷᠠᠳᠤᠭᠰᠠᠨ ᠦᠭᠡᠢ᠃ ᠪᠢ᠂ ᠡᠪᠦᠭᠡᠳ ᠦ᠋ᠨ ᠬᠣᠢᠨ᠎ᠠ ᠠ᠋ᠴᠠ ᠣᠳᠬᠤ ᠦᠭᠡᠢ ᠮᠡᠲᠦ ᠥᠪᠡᠷ ᠢ᠋ᠶ᠋ᠡᠨ ᠮᠠᠷᠲᠠᠭᠰᠠᠨ ᠠᠵᠢ᠃ ᠦᠬᠦᠯ ᠨᠠᠳᠠ ᠠ᠋ᠴᠠ ᠲᠣᠭᠣᠷᠢᠬᠤ ᠮᠡᠲᠦ ᠦᠨᠡᠬᠡᠷ ᠲᠡᠭᠦᠨ ᠢ᠋ ᠰᠠᠨᠠᠭᠰᠠᠨ ᠦᠭᠡᠢ》 ᠭᠡᠳ᠂ 《ᠬᠥᠪᠡᠭᠦᠳ ᠦ᠋ᠨ ᠠᠬ᠎ᠠ ᠵᠥᠴᠢ ᠮᠥᠨ᠂ ᠶᠠᠭᠤ ᠬᠡᠯᠡᠨ᠎ᠡ? ᠴᠢ ᠬᠡᠯᠡ!》 ᠭᠡᠪᠡ᠃ ᠵᠥᠴᠢ ᠥᠭᠦᠯᠡᠬᠦ ᠶ᠋ᠢᠨ ᠤᠷᠢᠳ ᠴᠠᠭᠠᠲᠠᠢ ᠥᠭᠦᠯᠡᠷᠦᠨ᠄ 《ᠵᠥᠴᠢ ᠦᠭᠡ ᠬᠡᠯᠡ ᠭᠡᠳ ᠵᠥᠴᠢ ᠶ᠋ᠢ ᠶᠠᠭᠤᠨ ᠳ᠋ᠤ᠌ ᠲᠣᠮᠢᠯᠠᠬᠤ ᠭᠡᠵᠦ ᠪᠠᠢᠨ᠎ᠠ? ᠡᠨᠡ ᠮᠡᠷᠭᠢᠳ ᠦ᠋ᠨ ᠣᠷᠬᠢᠳᠠᠰᠤ ᠳ᠋ᠤ᠌ ᠪᠢᠳᠡ ᠵᠠᠬᠢᠷᠤᠭᠳᠠᠬᠤ ᠭᠡᠵᠦ ᠤᠤ?》ᠭᠡᠰᠡᠨ ᠳ᠋ᠦ᠍᠂ (ᠪᠥᠷᠲᠡ ᠬᠠᠲᠤᠨ᠂ ᠮᠡᠷᠭᠢᠳ ᠲᠦ᠍ ᠣᠯᠵᠠᠯᠠᠭᠳᠠᠵᠤ ᠪᠠᠢᠭᠠᠳ ᠵᠢᠷᠮᠦᠰᠦᠨ ᠪᠣᠯᠵᠤ ᠢᠷᠡᠭᠰᠡᠨ ᠤᠴᠢᠷ ᠠ᠋ᠴᠠ ᠲᠡᠭᠡᠵᠦ ᠬᠡᠯᠡᠭᠰᠡᠨ ᠳ᠋ᠦ᠍) ᠵᠥᠴᠢ ᠪᠣᠰᠤᠭᠠᠳ ᠴᠠᠭᠠᠲᠠᠢ ᠶ᠋ᠢᠨ ᠡᠩᠭᠡᠷ ᠡᠴᠡ ᠰᠢᠭᠦᠷᠦᠨ ᠪᠠᠷᠢᠵᠤ ᠥᠭᠦᠯᠡᠷᠦᠨ᠄《ᠬᠠᠭᠠᠨ ᠡᠴᠢᠭᠡ ᠨᠠᠮ᠎ᠠ ᠶ᠋ᠢ ᠭᠠᠳᠠᠭᠤᠷᠬᠠᠵᠤ ᠦᠵᠡᠭᠡ ᠦᠭᠡᠢ ᠪᠠᠢᠬᠤ ᠳ᠋ᠤ᠌ ᠴᠢ ᠨᠠᠮ᠎ᠠ ᠶ᠋ᠢ ᠶᠠᠭᠠᠬᠢᠭᠠᠳ ᠢᠯᠭᠠᠵᠤ ᠪᠠᠢᠨ᠎ᠠ? ᠴᠢ ᠨᠠᠳᠠ ᠠ᠋ᠴᠠ ᠶᠠᠮᠠᠷ ᠡᠷᠳᠡᠮ ᠴᠢᠳᠠᠯ ᠢ᠋ᠶ᠋ᠠᠷ ᠢᠯᠡᠭᠦᠦ ᠪᠣᠢ? ᠴᠢ ᠭᠠᠭᠴᠠ ᠲᠣᠭᠰᠢᠨ ᠣᠮᠣᠭ ᠢ᠋ᠶ᠋ᠠᠷ ᠢ᠋ᠶ᠋ᠠᠨ ᠢᠯᠡᠭᠦᠦ ᠪᠢᠵᠡ᠃ ᠬᠠᠷᠪᠤᠯᠴᠠᠭᠠᠳ ᠴᠢᠮ᠎ᠠ ᠳ᠋ᠤ᠌ ᠭᠠᠷᠲᠠᠪᠠᠯ ᠡᠷᠡᠬᠡᠢ ᠪᠡᠨ ᠣᠭᠲᠣᠯᠵᠤ ᠬᠠᠶᠠᠰᠤᠭᠠᠢ! ᠪᠠᠷᠢᠯᠳᠤᠭᠠᠳ ᠴᠢᠮ᠎ᠠ ᠳ᠋ᠤ᠌ ᠢᠯᠠᠭᠳᠠᠪᠠᠯ ᠤᠨᠠᠭᠰᠠᠨ ᠭᠠᠵᠠᠷ ᠠ᠋ᠴᠠ ᠪᠤᠤ ᠪᠣᠰᠣᠰᠣᠭᠠᠢ! ᠬᠠᠭᠠᠨ ᠡᠴᠢᠭᠡ ᠶ᠋ᠢᠨ ᠵᠠᠷᠯᠢᠭ ᠮᠡᠳᠡᠲᠦᠭᠡᠢ!》 ᠭᠡᠪᠡ᠃ ᠵᠥᠴᠢ ᠴᠠᠭᠠᠲᠠᠢ ᠬᠣᠶᠠᠷ ᠡᠩᠭᠡᠷ ᠡᠴᠡ ᠪᠡᠨ ᠪᠠᠷᠢᠯᠴᠠᠭᠠᠳ ᠵᠥᠴᠢ ᠶ᠋ᠢᠨ ᠭᠠᠷ ᠠ᠋ᠴᠠ ᠪᠣᠭᠣᠷᠴᠤ ᠲᠠᠲᠠᠵᠤ᠂ ᠴᠠᠭᠠᠲᠠᠢ ᠶ᠋ᠢᠨ ᠭᠠᠷ ᠠ᠋ᠴᠠ ᠮᠤᠬᠤᠯᠠᠢ ᠲᠠᠲᠠᠵᠤ ᠪᠠᠢᠬᠤ ᠳ᠋ᠤ᠌᠂ ᠴᠢᠩᠭᠢᠰ ᠬᠠᠭᠠᠨ ᠳᠠᠭᠤ ᠦᠭᠡᠢ ᠰᠠᠭᠤᠵᠤ ᠪᠠᠢᠪᠠ᠃ ᠬᠦᠬᠡᠴᠥᠰ ᠵᠡᠭᠦᠨ ᠡᠲᠡᠭᠡᠳ ᠲᠦ᠍ ᠪᠠᠢᠵᠤ ᠥᠭᠦᠯᠡᠷᠦᠨ᠄
《ᠴᠠᠭᠠᠲᠠᠢ ᠴᠢ ᠶᠠᠭᠤᠨ ᠳ᠋ᠤ᠌ ᠶᠠᠭᠠᠷᠠᠪᠠ? ᠬᠠᠭᠠᠨ ᠡᠴᠢᠭᠡ ᠴᠢᠨᠢ᠂ ᠬᠥᠪᠡᠭᠦᠳ ᠦ᠋ᠨ ᠳᠣᠲᠣᠷ᠎ᠠ ᠠ᠋ᠴᠠ ᠴᠢᠮ᠎ᠠ ᠳ᠋ᠤ᠌ ᠢᠲᠡᠭᠡᠵᠦ ᠪᠠᠢᠭᠰᠠᠨ ᠪᠢᠯᠡ᠃ ᠲᠠ ᠨᠠᠷ ᠢ᠋ ᠲᠥᠷᠥᠬᠦ ᠶ᠋ᠢᠨ ᠤᠷᠢᠳ ᠣᠳᠣ ᠲᠠᠢ ᠲᠡᠭᠷᠢ ᠣᠷᠴᠢᠵᠤ ᠣᠯᠠᠨ ᠤᠯᠤᠰ ᠪᠠᠢᠯᠳᠤᠵᠤ ᠣᠷᠣᠨ ᠳ᠋ᠠᠭᠠᠨ ᠤᠨᠲᠠᠬᠤ ᠵᠠᠪ ᠦᠭᠡᠢ ᠣᠯᠵᠠᠯᠠᠨ ᠪᠤᠯᠢᠶᠠᠯᠳᠤᠵᠤ ᠪᠠᠢᠪᠠ᠃ ᠬᠥᠷᠥᠰᠥᠲᠦ ᠳᠡᠯᠡᠬᠡᠢ ᠬᠥᠷᠪᠡᠵᠦ ᠬᠥᠪᠴᠢᠨ ᠤᠯᠤᠰ ᠬᠢᠮᠤᠷᠠᠯᠳᠤᠵᠤ ᠬᠥᠨᠵᠢᠯᠡ ᠳ᠋ᠡᠭᠡᠨ ᠤᠨᠲᠠᠬᠤ ᠵᠠᠪ ᠦᠭᠡᠢ ᠬᠥᠨᠥᠭᠡᠯᠲᠡᠨ ᠲᠡᠮᠡᠴᠡᠵᠦ ᠪᠠᠢᠪᠠ᠃ ᠡᠷᠡᠭᠡᠯᠵᠡᠨ ᠪᠣᠳᠣᠬᠤ ᠴᠢᠯᠥᠭᠡ ᠦᠭᠡᠢ ᠡᠯᠪᠠᠯᠳᠠᠨ ᠵᠢᠳᠬᠦᠵᠦ ᠶᠠᠪᠤᠪᠠ ᠤᠬᠤᠷᠢᠨ ᠳᠤᠲᠠᠭᠠᠬᠤ ᠭᠠᠵᠠᠷ ᠦᠭᠡᠢ ᠤᠷᠤᠭᠰᠢᠯᠠᠨ ᠪᠠᠢᠯᠳᠤᠵᠤ ᠶᠠᠪᠤᠪᠠ᠃ ᠠᠮᠤᠷ ᠵᠢᠷᠭᠠᠬᠤ ᠠᠷᠭ᠎ᠠ ᠦᠭᠡᠢ ᠠᠯᠠᠯᠳᠤᠨ ᠲᠡᠮᠡᠴᠡᠵᠦ ᠶᠠᠪᠤᠪᠠ᠃ ᠬᠠᠲᠤᠨ ᠰᠠᠢᠬᠠᠨ ᠡᠬᠡ ᠶ᠋ᠢᠨ ᠢ᠋ᠶ᠋ᠡᠨ ᠬᠠᠯᠠᠭᠤᠨ ᠡᠯᠢᠭᠡ ᠶ᠋ᠢ ᠬᠥᠷᠥᠭᠡᠵᠦ ᠬᠠᠢᠷᠠᠲᠤ ᠵᠢᠷᠦᠬᠡ ᠶ᠋ᠢ ᠭᠣᠮᠣᠳᠠᠭᠠᠵᠤ ᠲᠣᠰᠣ ᠰᠢᠭ᠋ ᠰᠠᠨᠠᠭ᠎ᠠ ᠶ᠋ᠢ ᠴᠠᠷᠴᠠᠭᠣᠯᠵᠣ ᠰᠦ ᠰᠢᠭ ᠰᠡᠳᠬᠢᠯ ᠢ᠋ ᠡᠭᠡᠳᠡᠭᠦᠯᠬᠦ ᠴᠠᠯᠴᠢᠶ᠎ᠠ ᠮᠠᠭᠤ ᠦᠭᠡ ᠶ᠋ᠢ ᠴᠠᠭᠠᠲᠠᠢ ᠴᠢ ᠬᠡᠯᠡᠯ᠎ᠡ᠃ ᠪᠦᠯᠢᠶᠡᠨ ᠡᠯᠢᠭᠡ ᠨᠢᠭᠡ ᠲᠡᠢ ᠪᠥᠷᠲᠡ ᠬᠠᠲᠤᠨ ᠤ᠋ ᠬᠡᠦᠬᠡᠳ ᠪᠢᠰᠢᠦ᠂ ᠬᠠᠯᠠᠭᠤᠨ ᠡᠯᠢᠭᠡ ᠨᠢᠭᠡ ᠲᠡᠢ ᠬᠠᠮᠲᠤ ᠲᠥᠷᠥᠭᠰᠡᠨ ᠬᠡᠦᠬᠡᠳ ᠪᠢᠰᠢᠦ᠃ ᠵᠢᠷᠦᠬᠡᠨ ᠦ᠌ ᠬᠠᠢᠷᠠᠲᠤ ᠡᠬᠡ ᠶ᠋ᠢᠨ ᠵᠢᠳᠬᠦᠭᠰᠡᠨ ᠠᠴᠢ ᠶ᠋ᠢ ᠮᠠᠷᠲᠠᠵᠤ ᠵᠦᠢ ᠦᠭᠡᠢ ᠦᠭᠡ ᠪᠡᠷ ᠭᠣᠮᠣᠳᠠᠭᠠᠪᠠᠯ ᠭᠡᠮᠰᠢᠪᠡᠴᠦ ᠨᠢᠭᠡᠨᠲᠡ ᠬᠣᠵᠢᠳᠠᠨᠠ᠃ ᠬᠡᠪᠡᠯᠢ ᠳ᠋ᠡᠭᠡᠨ ᠲᠡᠭᠡᠭᠡᠭᠰᠡᠨ ᠡᠬᠡ ᠶ᠋ᠢᠨ ᠬᠡᠲᠦᠷᠬᠡᠢ ᠠᠴᠢ ᠶ᠋ᠢ ᠮᠠᠷᠲᠠᠵᠤ ᠬᠡᠳᠡᠷ ᠦᠭᠡ ᠪᠡᠷ ᠭᠣᠮᠣᠳᠠᠭᠠᠪᠠᠯ ᠬᠡᠵᠢᠶ᠎ᠡ ᠴᠦ᠍ ᠪᠠᠶᠠᠰᠬᠠᠵᠤ ᠴᠢᠳᠠᠬᠤ ᠦᠭᠡᠢ᠃ ᠬᠠᠭᠠᠨ ᠪᠣᠭᠳᠠ ᠡᠴᠢᠭᠡ ᠴᠢᠨᠢ ᠬᠠᠮᠤᠭ ᠤᠯᠤᠰ ᠢ᠋ ᠪᠠᠢᠭᠤᠯᠬᠤ ᠳ᠋ᠠᠭᠠᠨ ᠬᠠᠷ᠎ᠠ ᠲᠣᠯᠣᠭᠠᠢ ᠪᠠᠨ ᠬᠠᠢᠷᠠᠯᠠᠬᠤ ᠦᠭᠡᠢ᠂ ᠬᠠᠯᠠᠭᠤᠨ ᠴᠢᠰᠤ ᠪᠠᠨ ᠭᠠᠮᠨᠠᠬᠤ ᠦᠭᠡᠢ ᠬᠠᠮᠬᠢᠬᠤ ᠨᠢᠳᠦ ᠪᠡᠨ ᠢᠷᠮᠡᠬᠦ ᠦᠭᠡᠢ᠂ ᠭᠠᠷ ᠤ᠋ᠨ ᠬᠠᠨᠴᠤᠢ ᠶ᠋ᠢ ᠳᠡᠷᠡᠯᠡᠵᠦ ᠭᠠᠳᠠᠭᠠᠳᠤ ᠬᠣᠷᠮᠣᠢ ᠪᠠᠨ ᠳᠡᠪᠢᠰᠴᠦ ᠰᠢᠯᠦᠰᠦᠨ ᠦ᠌ ᠬᠥᠭᠡᠰᠦ ᠪᠡᠷ ᠤᠮᠳᠠᠯᠠᠵᠤ ᠰᠢᠲᠦᠨ ᠦ᠌ ᠮᠢᠬ᠎ᠠ ᠪᠠᠷ ᠬᠣᠭᠣᠯᠠᠯᠠᠵᠤ ᠮᠠᠩᠨᠠᠢ ᠶ᠋ᠢᠨ ᠬᠥᠯᠥᠰᠥ ᠶ᠋ᠢ ᠭᠣᠭᠣᠵᠢᠲᠠᠯ᠎ᠠ ᠮᠠᠴᠤᠵᠤ ᠴᠢᠷᠮᠠᠢᠵᠤ ᠶᠠᠪᠤᠬᠤ ᠳ᠋ᠤ᠌ ᠤᠯᠠ ᠶ᠋ᠢᠨ ᠬᠥᠯᠥᠰᠥ ᠶ᠋ᠢ ᠤᠷᠤᠰᠲᠠᠯ᠎ᠠ ᠤᠯᠤᠰ ᠢ᠋ᠶ᠋ᠠᠨ ᠬᠤᠷᠢᠶᠠᠵᠤ ᠶᠠᠪᠤᠬᠤ ᠳ᠋ᠤ᠌ ᠬᠠᠢᠷᠠᠲᠤ ᠬᠠᠲᠤᠨ ᠡᠬᠡ ᠴᠢᠨᠢ ᠬᠠᠮᠲᠤ ᠵᠣᠪᠠᠵᠤ ᠶᠠᠪᠤᠵᠠᠢ᠃ ᠣᠶᠤᠨ ᠲᠡᠭᠦᠯᠳᠡᠷ ᠡᠬᠡ ᠴᠢᠨᠢ ᠣᠶᠣᠳᠠᠯᠲᠤ ᠳᠡᠪᠡᠯ ᠢ᠋ᠶ᠋ᠡᠨ ᠣᠭᠰᠢᠭᠤᠯᠵᠤ ᠣᠭᠳᠣᠷ ᠬᠣᠷᠮᠣᠢ ᠪᠠᠨ ᠰᠢᠭᠤᠵᠤ ᠬᠡᠦᠬᠡᠳ ᠢ᠋ᠶ᠋ᠡᠨ ᠥᠰᠬᠡᠬᠦ ᠶ᠋ᠢᠨ ᠲᠤᠯᠠᠳᠠ ᠬᠦᠴᠦ ᠴᠢᠳᠠᠯ ᠢ᠋ᠶ᠋ᠠᠨ ᠰᠢᠪᠬᠠᠵᠤ ᠵᠠᠯᠭᠢᠬᠤ ᠬᠣᠭᠣᠯᠠ ᠶ᠋ᠢᠨ ᠰᠢᠮ᠎ᠡ ᠲᠡᠢ ᠶ᠋ᠢ ᠵᠠᠶᠠᠭᠠᠭᠰᠠᠨ ᠬᠡᠦᠬᠡᠳ ᠲᠡᠭᠡᠨ ᠥᠭᠴᠦ ᠤᠤᠭᠤᠬᠤ ᠤᠮᠳᠠ ᠶ᠋ᠢᠨ ᠳᠡᠭᠡᠵᠢ ᠶ᠋ᠢ ᠤᠷᠢᠳᠠᠪᠡᠷ ᠲᠠ ᠨᠠᠷ ᠲᠤ᠌ ᠥᠭᠴᠦ ᠥᠰᠬᠦ ᠦᠷ᠎ᠡ ᠪᠡᠨ ᠲᠡᠵᠢᠭᠡᠵᠦ ᠥᠯᠥᠰᠴᠦ ᠶᠠᠳᠠᠷᠠᠵᠤ ᠶᠠᠪᠤᠯ᠎ᠠ᠃ ᠡᠭᠡᠮ ᠡᠴᠡ ᠴᠢᠨᠢ ᠲᠠᠲᠠᠵᠤ ᠡᠷ᠎ᠡ ᠶ᠋ᠢᠨ ᠵᠡᠷᠭᠡ ᠳ᠋ᠦ᠍ ᠬᠦᠷᠭᠡᠭᠰᠡᠨ ᠡᠷᠬᠢᠮ ᠠᠴᠢ ᠶ᠋ᠢ ᠰᠠᠨᠠᠵᠠᠭᠠ ᠬᠦᠵᠦᠭᠦᠨ ᠡᠴᠡ ᠴᠢᠨᠢ ᠲᠠᠲᠠᠵᠤ ᠬᠥᠮᠦᠨ ᠦ᠌ ᠵᠡᠷᠭᠡ ᠪᠣᠯᠭᠠᠭᠰᠠᠨ ᠬᠦᠨᠳᠦᠲᠦ ᠠᠴᠢ ᠶ᠋ᠢ ᠪᠣᠳᠣᠵᠠᠭ᠎ᠠ᠃ ᠪᠣᠬᠢᠷ ᠢ᠋ ᠴᠢᠨᠢ ᠠᠷᠢᠯᠭᠠᠵᠤ ᠪᠣᠷᠪᠢ ᠶ᠋ᠢ ᠴᠢᠨᠢ ᠰᠤᠩᠭᠠᠵᠤ ᠡᠷ᠎ᠡ ᠶ᠋ᠢᠨ ᠵᠡᠷᠭᠡ ᠳ᠋ᠦ᠍ ᠣᠷᠣᠭᠤᠯᠵᠤ ᠡᠮᠡᠭᠡᠯ ᠦ᠋ᠨ ᠳᠥᠷᠦᠭᠡᠨ ᠳ᠋ᠦ᠍ ᠬᠦᠷᠭᠡᠭᠡᠳ ᠡᠩᠬᠦᠷᠡᠢ ᠬᠡᠦᠬᠡᠳ ᠲᠠ ᠨᠠᠷ ᠤ᠋ᠨ ᠡᠷᠬᠢᠮ ᠰᠠᠢᠬᠠᠨ ᠢ᠋ ᠦᠵᠡᠶ᠎ᠡ ᠭᠡᠵᠦ ᠡᠬᠡ ᠴᠢᠨᠢ ᠣᠳᠣ ᠪᠣᠳᠣᠵᠤ ᠪᠠᠢᠨ᠎ᠠ᠃ ᠨᠠᠷᠠ ᠰᠢᠭ᠋ ᠭᠡᠭᠡᠨ ᠤᠬᠠᠭᠠᠨᠲᠤ ᠨᠠᠪᠴᠢ ᠰᠢᠭ ᠳᠡᠯᠭᠡᠷ ᠰᠡᠳᠬᠢᠯᠲᠦ ᠰᠠᠢᠨ ᠬᠠᠲᠤᠨ ᠡᠬᠡ ᠶ᠋ᠢᠨ ᠢ᠋ᠶ᠋ᠡᠨ ᠰᠠᠨᠠᠭ᠎ᠠ ᠶ᠋ᠢ ᠪᠤᠤ ᠭᠣᠮᠣᠳᠠᠭᠣᠯ!》 ᠭᠡᠪᠡ᠃
255᠂ ᠲᠡᠨᠳᠡ ᠡᠴᠡ ᠴᠢᠩᠭᠢᠰ ᠬᠠᠭᠠᠨ ᠥᠭᠦᠯᠡᠷᠦᠨ᠄ 《ᠵᠥᠴᠢ ᠶ᠋ᠢ ᠲᠡᠭᠡᠵᠦ ᠬᠡᠯᠡᠵᠦ ᠶᠠᠭᠠᠬᠢᠵᠤ ᠪᠣᠯᠤᠨ᠎ᠠ? ᠬᠥᠪᠡᠭᠦᠳ ᠦ᠋ᠨ ᠮᠢᠨᠢ ᠠᠬᠠᠮᠠᠳ ᠵᠥᠴᠢ ᠪᠢᠰᠢᠦ? ᠬᠣᠵᠢᠮ ᠲᠡᠭᠡᠵᠦ ᠪᠦᠦ ᠬᠡᠯᠡᠲᠦᠭᠡᠢ》 ᠭᠡᠵᠦ ᠵᠠᠷᠯᠢᠭ ᠪᠣᠯᠪᠠ᠃
ᠡᠨᠡ ᠦᠭᠡᠨ ᠳ᠋ᠦ᠍ ᠴᠠᠭᠠᠲᠠᠢ ᠮᠦᠰᠢᠯᠵᠡᠵᠦ ᠥᠭᠦᠯᠡᠷᠦᠨ᠄ 《ᠵᠥᠴᠢ ᠶ᠋ᠢᠨ ᠬᠦᠴᠦ ᠡᠷᠳᠡᠮ ᠢ᠋ ᠪᠠᠰᠤᠮᠵᠢᠯᠠᠬᠤ ᠦᠭᠡᠢ᠂ ᠠᠮᠠ ᠪᠠᠷ ᠠᠯᠠᠭᠰᠠᠨ ᠢ᠋ ᠠᠴᠢᠵᠤ ᠪᠣᠯᠳᠠᠭ ᠦᠭᠡᠢ᠂ ᠦᠭᠡ ᠪᠡᠷ ᠦᠬᠦᠭᠦᠯᠦᠭᠰᠡᠨ ᠢ᠋ ᠥᠪᠴᠢᠵᠦ ᠪᠣᠯᠳᠠᠭ ᠦᠭᠡᠢ᠂ ᠠᠪᠤ ᠶ᠋ᠢᠨ ᠬᠥᠪᠡᠭᠦᠳ ᠦ᠋ᠨ ᠠᠬᠠᠮᠠᠳ ᠨᠢ ᠵᠥᠴᠢ ᠪᠢᠳᠡ ᠬᠣᠶᠠᠷ ᠪᠢᠵᠡ᠂ ᠬᠠᠭᠠᠨ ᠡᠴᠢᠭᠡ ᠳ᠋ᠡᠭᠡᠨ ᠬᠠᠪᠰᠤᠷᠴᠤ ᠬᠦᠴᠦ ᠪᠡᠨ ᠥᠭᠶ᠎ᠡ᠃ ᠲᠠᠯᠲᠠᠷᠢᠨ ᠵᠠᠢᠯᠠᠭᠰᠠᠨ ᠡᠲᠡᠭᠡᠳ ᠢ᠋ ᠲᠠᠰᠤ ᠴᠠᠪᠴᠢᠵᠤ ᠰᠢᠳᠬᠡᠶ᠎ᠡ᠂ ᠰᠠᠯᠵᠤ ᠰᠠᠭᠠᠲᠠᠭᠰᠠᠨ ᠡᠲᠡᠭᠡᠳ ᠢ᠋ ᠰᠠᠯᠪᠠᠷᠠᠲᠠᠯᠠ ᠴᠠᠪᠴᠢᠵᠤ ᠪᠠᠢᠶ᠎ᠠ᠂ ᠥᠭᠡᠳᠡᠢ ᠥᠷᠥᠰᠢᠶᠡᠯ ᠲᠡᠢ ᠲᠤᠯᠠ ᠡᠷᠭᠦᠮᠵᠢᠯᠡᠬᠦ ᠳ᠋ᠦ᠍ ᠪᠣᠯᠤᠨ᠎ᠠ᠂ ᠬᠠᠭᠠᠨ ᠡᠴᠢᠭᠡ ᠶ᠋ᠢᠨ ᠳᠡᠷᠭᠡᠳᠡ ᠬᠠᠮᠲᠤ ᠣᠢᠷ᠎ᠠ ᠪᠠᠢᠯᠭᠠᠵᠤ ᠪᠠᠷᠠᠭᠠᠲᠤ ᠶᠡᠬᠡ ᠮᠠᠯᠠᠭᠠᠢ ᠶ᠋ᠢ ᠪᠠᠷᠢᠭᠤᠯᠤᠨ ᠮᠡᠳᠡᠭᠦᠯᠵᠦ ᠪᠣᠯᠤᠨ᠎ᠠ》ᠭᠡᠪᠡ᠃ ᠡᠨᠡ ᠦᠭᠡᠨ ᠳ᠋ᠦ᠍ ᠴᠢᠩᠭᠢᠰ ᠬᠠᠭᠠᠨ ᠥᠭᠦᠯᠡᠷᠦᠨ᠄ 《ᠵᠥᠴᠢ ᠶᠠᠭᠤ ᠬᠡᠯᠡᠬᠦ ᠪᠡᠨ ᠬᠡᠯᠡᠭᠲᠦᠨ!》 ᠭᠡᠪᠡ᠃ ᠵᠥᠴᠢ ᠥᠭᠦᠯᠡᠷᠦᠨ᠄ 《ᠴᠠᠭᠠᠲᠠᠢ ᠶ᠋ᠢᠨ ᠬᠡᠯᠡᠭᠰᠡᠨ ᠶᠣᠰᠣᠭᠠᠷ ᠴᠠᠭᠠᠲᠠᠢ ᠪᠢᠳᠡ ᠬᠣᠶᠠᠷ ᠬᠠᠪᠰᠤᠷᠴᠤ ᠬᠦᠴᠦ ᠪᠡᠨ ᠥᠭᠭᠦᠶ᠎ᠡ᠃ ᠥᠭᠡᠳᠡᠢ ᠶ᠋ᠢ ᠡᠷᠭᠦᠮᠵᠢᠯᠡᠶᠡ!》 ᠭᠡᠪᠡ᠃ ᠴᠢᠩᠭᠢᠰ ᠬᠠᠭᠠᠨ ᠵᠠᠷᠯᠢᠭ ᠪᠣᠯᠤᠷᠤᠨ᠄ 《ᠬᠠᠪᠰᠤᠷᠬᠤ ᠨᠢ ᠶᠠᠭᠤ ᠪᠣᠢ? ᠡᠬᠡ ᠳᠡᠯᠡᠬᠡᠢ ᠠᠭᠤᠤ ᠪᠥᠭᠡᠳ ᠤᠰᠤ ᠮᠥᠷᠡᠨ ᠣᠯᠠᠨ ᠪᠣᠢ᠃ ᠬᠠᠷᠢ ᠤᠯᠤᠰ ᠢ᠋ ᠡᠵᠡᠯᠡᠭᠦᠯᠦᠨ ᠲᠤᠰ ᠲᠤᠰ ᠰᠠᠯᠭᠠᠶ᠎ᠠ᠃ ᠥᠪᠡᠷ ᠥᠪᠡᠷ ᠦ᠋ᠨ ᠨᠤᠲᠤᠭ ᠢ᠋ ᠥᠷᠭᠡᠳᠬᠡᠵᠦ ᠶᠠᠪᠤᠭᠠᠷᠠᠢ᠃ ᠬᠠᠷᠢᠨ ᠵᠥᠴᠢ ᠴᠠᠭᠠᠲᠠᠢ ᠲᠠ ᠬᠣᠶᠠᠷ᠂ ᠬᠡᠯᠡᠭᠰᠡᠨ ᠦᠭᠡᠨ ᠳ᠋ᠡᠭᠡᠨ ᠬᠦᠷᠴᠦ᠂ ᠠᠷᠠᠳ ᠤ᠋ᠨ ᠢᠨᠢᠶᠡᠳᠦᠮ᠂ ᠠᠮᠢᠲᠠᠨ ᠤ᠋ ᠲᠣᠭᠯᠠᠭᠠᠮ ᠪᠣᠯᠬᠤ ᠦᠭᠡᠢ᠂ ᠡᠪ ᠨᠠᠢᠷᠲᠠᠢ ᠶᠠᠪᠤᠭᠠᠷᠠᠢ᠃ ᠡᠷᠲᠡ ᠴᠠᠭ ᠲᠤ᠌ ᠠᠯᠲᠠᠨ ᠬᠣᠴᠠᠷ ᠬᠣᠶᠠᠷ ᠡᠨᠡ ᠮᠡᠲᠦ ᠪᠡᠷ ᠦᠭᠡ ᠪᠠᠷᠢᠯᠳᠤᠭᠰᠠᠨ ᠪᠠᠢᠲᠠᠯ᠎ᠠ᠂ ᠬᠡᠯᠡᠭᠰᠡᠨ ᠦᠭᠡᠨ ᠳ᠋ᠡᠭᠡᠨ ᠬᠦᠷᠦᠭᠰᠡᠨ ᠦᠭᠡᠢ᠂ ᠬᠡᠳᠡᠷ ᠵᠠᠩ ᠭᠠᠷᠭᠠᠭᠠᠳ ᠶᠠᠭᠤ ᠪᠣᠯᠤᠭᠰᠠᠨ ᠢ᠋ ᠲᠠ ᠨᠠᠷ ᠮᠡᠳᠡᠵᠦ ᠪᠠᠢᠭ᠎ᠠ ᠪᠢᠵᠡ᠃ ᠣᠳᠣ ᠠᠯᠲᠠᠨ ᠬᠣᠴᠠᠷ ᠬᠣᠶᠠᠷ ᠤ᠋ᠨ ᠬᠠᠷᠢᠶᠠᠲᠤ ᠨᠠᠷ ᠢ᠋ ᠲᠠ ᠨᠠᠷ ᠲᠤ᠌ ᠬᠤᠪᠢᠶᠠᠵᠤ ᠥᠭᠭᠦᠨ᠎ᠡ᠃ ᠲᠡᠳᠡᠨ ᠢ᠋ ᠦᠵᠡᠵᠦ ᠴᠡᠭᠡᠷᠯᠡᠯ ᠪᠣᠯᠭᠠᠵᠤ ᠶᠠᠪᠤᠭᠲᠤᠨ!》 ᠭᠡᠳ 《ᠥᠭᠡᠳᠡᠢ ᠶᠠᠭᠤ ᠬᠡᠯᠡᠬᠦ ᠪᠣᠢ? ᠬᠡᠯᠡᠭᠲᠦᠨ!》 ᠭᠡᠪᠡ᠃ ᠥᠭᠡᠳᠡᠢ ᠥᠭᠦᠯᠡᠷᠦᠨ᠄ 《ᠬᠠᠭᠠᠨ ᠡᠴᠢᠭᠡ ᠰᠣᠶᠣᠷᠬᠠᠵᠤ᠂ ᠦᠭᠡ ᠬᠡᠯᠡ ᠭᠡᠬᠦ ᠳ᠋ᠦ᠍ ᠪᠢ ᠶᠠᠭᠤ ᠪᠠᠨ ᠬᠡᠯᠡᠬᠦ ᠪᠣᠢ? ᠴᠢᠳᠠᠬᠤ ᠦᠭᠡᠢ ᠭᠡᠵᠦ ᠶᠠᠭᠠᠬᠢᠵᠤ ᠬᠡᠯᠡᠬᠦ ᠪᠣᠢ? ᠴᠢᠳᠠᠬᠤ ᠶ᠋ᠢ ᠬᠢᠴᠢᠶᠡᠶ᠎ᠡ! ᠭᠠᠭᠴᠠ ᠬᠦ ᠬᠣᠢᠲᠤ ᠦᠶ᠎ᠡ ᠶ᠋ᠢᠨ ᠬᠥᠪᠡᠭᠦᠳ ᠠᠴᠢ ᠨᠠᠷ ᠮᠢᠨᠢ᠂ ᠡᠪᠡᠰᠦᠨ ᠳ᠋ᠦ᠍ ᠣᠷᠢᠶᠠᠪᠠᠴᠤ ᠦᠬᠡᠷ ᠲᠣᠭᠣᠵᠤ ᠢᠳᠡᠬᠦ ᠦᠭᠡᠢ᠂ ᠥᠭᠡᠬᠦᠨ ᠳ᠋ᠦ᠍ ᠬᠤᠴᠢᠪᠠᠴᠤ ᠨᠣᠬᠠᠢ ᠲᠣᠭᠣᠵᠤ ᠢᠳᠡᠬᠦ ᠦᠭᠡᠢ ᠶᠠᠭᠤᠮ᠎ᠠ ᠲᠥᠷᠥᠭᠡᠳ ᠬᠠᠨᠳᠠᠭᠠᠢ ᠶ᠋ᠢ ᠬᠠᠷᠪᠤᠭᠠᠳ ᠣᠭᠣᠲᠣᠨ᠎ᠠ ᠶ᠋ᠢ ᠤᠨᠤᠬᠤ ᠪᠣᠯᠭᠤᠵᠠᠢ᠃ ᠪᠢ ᠡᠭᠦᠨ ᠡᠴᠡ ᠥᠭᠡᠷ᠎ᠡ ᠶᠠᠭᠤ ᠶ᠋ᠢ ᠬᠡᠯᠡᠬᠦ ᠪᠣᠢ?》 ᠭᠡᠪᠡ᠃ ᠡᠨᠡ ᠦᠭᠡ ᠶ᠋ᠢ ᠰᠣᠨᠣᠰᠤᠭᠠᠳ ᠴᠢᠩᠭᠢᠰ ᠬᠠᠭᠠᠨ ᠵᠠᠷᠯᠢᠭ ᠪᠣᠯᠤᠷᠤᠨ᠄ 《ᠥᠭᠡᠳᠡᠢ ᠡᠢᠮᠦ ᠦᠭᠡ ᠶ᠋ᠢ ᠬᠡᠯᠡᠬᠦ ᠪᠣᠯ ᠪᠣᠯᠵᠠᠢ᠃ ᠪᠠᠰᠠ ᠲᠤᠯᠤᠢ ᠶᠠᠭᠤ ᠬᠡᠯᠡᠬᠦ ᠪᠣᠢ? ᠬᠡᠯᠡᠭᠲᠦᠨ!》 ᠭᠡᠪᠡ᠃ ᠲᠤᠯᠤᠢ ᠥᠭᠦᠯᠡᠷᠦᠨ᠄ 《ᠪᠢ ᠬᠠᠭᠠᠨ ᠡᠴᠢᠭᠡ ᠶ᠋ᠢᠨ ᠨᠡᠷᠡᠯᠡᠭᠰᠡᠨ ᠠᠬ᠎ᠠ ᠶ᠋ᠢᠨ ᠳᠡᠷᠭᠡᠳᠡ ᠪᠠᠢᠵᠤ᠂ ᠮᠠᠷᠲᠠᠭᠰᠠᠨ ᠢ᠋ ᠨᠢ ᠰᠠᠨᠠᠭᠤᠯᠵᠤ᠂ ᠤᠨᠲᠠᠭᠰᠠᠨ ᠢ᠋ ᠨᠢ ᠰᠡᠷᠢᠭᠦᠯᠵᠦ᠂ ᠤᠷᠢᠶᠠᠯᠠᠬᠤ ᠳᠠᠭᠤᠨ ᠳ᠋ᠤᠨᠢ ᠤᠤᠬᠠᠢ ᠪᠣᠯᠵᠤ᠂ ᠤᠨᠤᠬᠤ ᠮᠣᠷᠢᠨ ᠳ᠋ᠤᠨᠢ ᠲᠠᠰᠢᠭᠤᠷ ᠪᠣᠯᠵᠤ᠂ ᠬᠣᠯᠠ ᠶ᠋ᠢᠨ ᠠᠶᠠᠨ ᠳ᠋ᠤ᠌ ᠶᠠᠪᠤᠯᠴᠠᠵᠤ᠂ ᠣᠢᠷ᠎ᠠ ᠶ᠋ᠢᠨ ᠲᠡᠢᠨ ᠳ᠋ᠦ᠍ ᠣᠷᠣᠯᠴᠠᠵᠤ ᠲᠤᠰᠠᠯᠠᠶ᠎ᠠ》 ᠭᠡᠵᠦ ᠬᠡᠯᠡᠪᠡᠯ᠂ ᠴᠢᠩᠭᠢᠰ ᠬᠠᠭᠠᠨ ᠵᠥᠪᠰᠢᠶᠡᠨ ᠵᠠᠷᠯᠢᠭ ᠪᠣᠯᠤᠷᠤᠨ᠄ 《ᠬᠠᠰᠠᠷ ᠢ᠋ ᠲᠡᠭᠦᠨ ᠦ᠌ ᠦᠷ᠎ᠡ ᠬᠡᠦᠬᠡᠳ ᠦ᠋ᠨ ᠨᠢᠭᠡ ᠨᠢ ᠵᠠᠯᠭᠠᠮᠵᠢᠯᠠ᠃ ᠠᠯᠴᠢᠳᠠᠢ ᠶ᠋ᠢ ᠲᠡᠭᠦᠨ ᠦ᠌ ᠦᠷ᠎ᠡ ᠬᠡᠦᠬᠡᠳ ᠦ᠋ᠨ ᠨᠢᠭᠡ ᠨᠢ ᠵᠠᠯᠭᠠᠮᠵᠢᠯᠠ! ᠤᠳᠴᠢᠬᠢᠨ ᠢ᠋ ᠲᠡᠭᠦᠨ ᠦ᠌ ᠦᠷ᠎ᠡ ᠬᠡᠦᠬᠡᠳ ᠦ᠋ᠨ ᠨᠢᠭᠡ ᠨᠢ ᠵᠠᠯᠭᠠᠮᠵᠢᠯᠠ! ᠪᠡᠯᠭᠦᠳᠡᠢ ᠶ᠋ᠢ ᠲᠡᠭᠦᠨ ᠦ᠌ ᠦᠷ᠎ᠡ ᠬᠡᠦᠬᠡᠳ ᠦ᠋ᠨ ᠨᠢᠭᠡ ᠨᠢ ᠵᠠᠯᠭᠠᠮᠵᠢᠯᠠ! ᠲᠡᠷᠡᠴᠢᠯᠡᠨ ᠨᠠᠮ᠎ᠠ ᠶ᠋ᠢ ᠮᠢᠨᠦ ᠦᠷ᠎ᠡ ᠬᠡᠦᠬᠡᠳ ᠦ᠋ᠨ ᠨᠢᠭᠡ ᠨᠢ ᠵᠠᠯᠭᠠᠮᠵᠢᠯᠠᠵᠤ᠂ ᠮᠢᠨᠦ ᠵᠠᠷᠯᠢᠭ ᠢ᠋ ᠥᠭᠡᠷᠡᠴᠢᠯᠡᠬᠦ ᠦᠭᠡᠢ᠂ ᠵᠠᠳᠠᠯᠬᠤ ᠥᠬᠡᠢ᠂ ᠣᠰᠣᠯᠳᠠᠬᠤ ᠦᠭᠡᠢ᠂ ᠠᠯᠳᠠᠬᠤ ᠦᠭᠡᠢ ᠪᠠᠷᠢᠮᠲᠠᠯᠠᠵᠤ ᠶᠠᠪᠤᠲᠤᠭᠠᠢ! ᠥᠭᠡᠳᠡᠢ ᠶ᠋ᠢᠨ ᠦᠷ᠎ᠡ ᠬᠡᠦᠬᠡᠳ ᠡᠪᠡᠰᠦᠨ ᠳ᠋ᠦ᠍ ᠣᠷᠢᠶᠠᠪᠠᠴᠤ ᠦᠬᠡᠷ ᠲᠣᠭᠣᠵᠤ ᠢᠳᠡᠬᠦ ᠦᠭᠡᠢ᠂ ᠥᠭᠡᠬᠦᠨ ᠳ᠋ᠦ᠍ ᠬᠤᠴᠢᠪᠠᠴᠤ ᠨᠣᠬᠠᠢ ᠲᠣᠭᠣᠵᠤ ᠢᠳᠡᠬᠦ ᠦᠭᠡᠢ ᠶᠠᠭᠤᠮ᠎ᠠ ᠲᠥᠷᠥᠪᠡᠯ᠂ ᠮᠢᠨᠦ ᠤᠷᠤᠭ ᠲᠥᠷᠥᠯ ᠦ᠋ᠨ ᠳᠣᠲᠣᠷ᠎ᠠ ᠨᠢᠭᠡ ᠬᠥᠪᠡᠭᠦᠨ ᠨᠢ ᠰᠠᠢᠨ ᠲᠥᠷᠥᠬᠦ ᠦᠭᠡᠢ ᠤᠤ?》 ᠭᠡᠵᠦ ᠵᠠᠷᠯᠢᠭ ᠪᠣᠯᠪᠠ᠃
256᠂ ᠴᠢᠩᠭᠢᠰ ᠬᠠᠭᠠᠨ (ᠪᠠᠷᠠᠭᠤᠨ ᠵᠦᠭ) ᠪᠠᠢᠯᠳᠤᠭᠠᠨ ᠳ᠋ᠤ᠌ ᠮᠣᠷᠳᠠᠭᠠᠳ᠂ ᠲᠠᠩᠭᠤᠳ ᠤᠯᠤᠰ ᠤ᠋ᠨ ᠪᠤᠷᠬᠠᠨ ᠳ᠋ᠤ᠌ ᠡᠯᠴᠢ ᠶᠠᠪᠤᠭᠤᠯᠵᠤ ᠬᠡᠯᠡᠭᠦᠯᠦᠭᠰᠡᠨ ᠨᠢ᠄ 《ᠪᠠᠷᠠᠭᠤᠨ ᠭᠠᠷ ᠴᠢᠨᠢ ᠪᠣᠯᠤᠶ᠎ᠠ ᠭᠡᠵᠦ ᠴᠢ ᠬᠡᠯᠡᠭᠰᠡᠨ ᠪᠢᠰᠢᠦ? ᠰᠠᠷᠲᠠᠭᠤᠯ ᠤᠯᠤᠰ ᠲᠤ᠌ ᠠᠯᠲᠠᠨ ᠠᠷᠭᠠᠮᠵᠢᠶ᠎ᠠ ᠲᠠᠰᠤᠳᠠᠭᠤᠯᠤᠭᠠᠳ ᠪᠢ ᠬᠠᠷᠢᠭᠤ ᠠᠪᠬᠤ ᠪᠠᠷ ᠮᠣᠷᠳᠠᠪᠠ᠂ ᠪᠠᠷᠠᠭᠤᠨ ᠭᠠᠷ ᠪᠣᠯᠵᠤ ᠮᠣᠷᠢᠯᠠ!》 ᠭᠡᠵᠦ ᠢᠯᠡᠭᠡᠪᠡᠯ᠂ ᠪᠤᠷᠬᠠᠨ ᠢ᠋ ᠦᠭᠡ ᠬᠡᠯᠡᠬᠦ ᠶ᠋ᠢᠨ ᠤᠷᠢᠳᠠ ᠠᠱᠠ ᠭᠣᠮᠪᠣ ᠥᠭᠦᠯᠡᠷᠦᠨ᠄ 《ᠬᠦᠴᠦ ᠬᠦᠷᠬᠦ ᠦᠭᠡᠢ ᠪᠣᠯ ᠬᠠᠭᠠᠨ ᠶᠠᠭᠤᠨ ᠳ᠋ᠤ᠌ ᠪᠣᠯᠪᠠ?》 ᠭᠡᠳ ᠲᠤᠰᠠᠯᠠᠬᠤ ᠴᠡᠷᠢᠭ ᠦᠭᠭᠰᠡᠨ ᠦᠭᠡᠢ ᠣᠮᠣᠭ ᠲᠠᠢ ᠶᠡᠬᠡ ᠦᠭᠡ ᠬᠡᠯᠡᠵᠦ ᠡᠯᠴᠢ ᠶ᠋ᠢ ᠪᠤᠴᠠᠭᠠᠵᠠᠢ᠃ ᠲᠡᠨᠳᠡ ᠴᠢᠩᠭᠢᠰ ᠬᠠᠭᠠᠨ ᠥᠭᠦᠯᠡᠷᠦᠨ᠄ 《ᠠᠱᠠ ᠭᠣᠮᠪᠣ ᠳ᠋ᠤ᠌ ᠶᠠᠭᠠᠬᠢᠵᠤ ᠢᠩᠭᠢᠵᠦ ᠬᠡᠯᠡᠭᠳᠡᠬᠦ ᠪᠢᠯᠡ? ᠤᠷᠢᠳᠠᠪᠡᠷ ᠲᠡᠳᠡᠨ ᠲᠡᠢ ᠣᠴᠢᠵᠤ ᠪᠠᠢᠯᠳᠤᠪᠠᠯ ᠵᠣᠬᠢᠯᠲᠠᠢ ᠪᠢᠰᠢᠦ? ᠭᠡᠪᠡᠴᠦ ᠥᠭᠡᠷ᠎ᠡ ᠬᠥᠮᠦᠨ ᠳ᠋ᠦ᠍ ᠵᠣᠷᠢᠵᠤ ᠶᠠᠪᠤᠭ᠎ᠠ ᠴᠠᠭ ᠲᠤᠯᠠ ᠡᠨᠡ ᠤᠳᠠᠭ᠎ᠠ ᠪᠣᠯᠢᠶ᠎ᠠ᠃ ᠮᠥᠩᠬᠡ ᠲᠡᠭᠷᠢ ᠳ᠋ᠦ᠍ ᠢᠪᠡᠭᠡᠭᠳᠡᠵᠦ ᠠᠯᠲᠠᠨ ᠵᠢᠯᠣᠭᠣ ᠪᠠᠨ ᠪᠠᠲᠤ ᠲᠠᠲᠠᠵᠤ ᠢᠷᠡᠪᠡᠯ᠂ ᠲᠡᠷᠡ ᠴᠠᠭ ᠲᠤ᠌ ᠮᠠᠭᠠᠳ ᠪᠣᠯᠲᠤᠭᠠᠢ!》 ᠭᠡᠵᠡᠢ᠃
257᠂ ᠲᠠᠤᠯᠠᠢ ᠵᠢᠯ (1219 ᠣᠨ) ᠴᠢᠩᠭᠢᠰ ᠬᠠᠭᠠᠨ᠂ ᠬᠠᠲᠤᠨ ᠠ᠋ᠴᠠ ᠬᠤᠯᠠᠨ ᠬᠠᠲᠤᠨ ᠢ᠋ ᠠᠪᠴᠤ ᠳᠡᠭᠦᠦ ᠨᠠᠷ ᠠ᠋ᠴᠠ ᠤᠳᠴᠢᠬᠢᠨ ᠨᠣᠶᠠᠨ ᠢ᠋ ᠶᠡᠬᠡ ᠣᠷᠳᠣᠨ ᠳ᠋ᠠᠭᠠᠨ ᠦᠯᠡᠳᠡᠭᠡᠭᠡᠳ᠂ ᠠᠷᠠᠢ ᠶ᠋ᠢᠨ ᠳᠠᠪᠠᠭ᠎ᠠ ᠪᠠᠷ ᠳᠠᠪᠠᠵᠤ ᠰᠠᠷᠲᠠᠭᠤᠯ ᠤᠯᠤᠰ ᠲᠠᠢ ᠪᠠᠢᠯᠳᠤᠬᠤ ᠪᠠᠷ ᠮᠣᠷᠢᠯᠠᠪᠠ᠃ ᠵᠡᠪᠡ ᠶ᠋ᠢ ᠮᠠᠩᠯᠠᠢ ᠳ᠋ᠤ᠌ ᠢᠯᠡᠭᠡᠪᠡ᠃ ᠵᠡᠪᠡ ᠶ᠋ᠢᠨ ᠳᠠᠷᠠᠭ᠎ᠠ ᠭᠡᠵᠢᠭᠡ ᠰᠦᠪᠡᠬᠡᠳᠡᠢ ᠶ᠋ᠢ ᠢᠯᠡᠭᠡᠪᠡ᠃ ᠰᠦᠪᠡᠬᠡᠳᠡᠢ ᠶ᠋ᠢᠨ ᠭᠡᠵᠢᠭᠡ ᠲᠣᠭᠣᠴᠠᠷ ᠢ᠋ ᠢᠯᠡᠭᠡᠪᠡ᠃ ᠡᠨᠡ ᠭᠤᠷᠪᠠ ᠶ᠋ᠢ ᠢᠯᠡᠭᠡᠬᠦ ᠳ᠋ᠡᠭᠡᠨ ᠲᠤᠰᠢᠶᠠᠭᠰᠠᠨ ᠨᠢ᠄ 《ᠰᠤᠯᠲᠠᠨ ᠬᠠᠭᠠᠨ ᠤ᠋ ᠨᠤᠲᠤᠭ ᠤ᠋ᠨ ᠭᠠᠳᠠᠭᠤᠷ ᠶᠠᠪᠤᠵᠤ ᠴᠠᠭᠠᠨ᠎ᠠ ᠨᠢ ᠭᠠᠷᠤᠭᠠᠳ ᠪᠢᠳᠡᠨ ᠢ᠋ ᠣᠴᠢᠬᠤ ᠳ᠋ᠤ᠌ ᠬᠠᠮᠲᠤᠷᠠᠵᠤ ᠨᠡᠢᠯᠡᠲᠦᠭᠡᠢ!》 ᠭᠡᠪᠡ᠃ ᠵᠡᠪᠡ ᠶᠠᠪᠤᠭᠠᠳ ᠬᠠᠨ ᠮᠠᠨᠯᠢᠭ᠌ ᠤ᠋ᠨ ᠪᠠᠯᠭᠠᠰᠤ ᠤ᠋ᠳ ᠢ᠋ ᠣᠭᠲᠣ ᠲᠦᠢᠪᠡᠭᠡᠪᠡᠯ ᠦᠭᠡᠢ ᠭᠠᠳᠠᠭᠤᠷ ᠨᠢ ᠭᠠᠷᠴᠤ ᠣᠳᠪᠠ᠃ ᠲᠡᠭᠦᠨ ᠦ᠌ ᠬᠣᠢᠨ᠎ᠠ ᠠ᠋ᠴᠠ ᠰᠦᠪᠡᠬᠡᠳᠡᠢ ᠮᠥᠨ ᠶᠣᠰᠣᠭᠠᠷ ᠳᠦᠢᠪᠡᠭᠡᠪᠡᠯ ᠦᠭᠡᠢ ᠶᠠᠪᠤᠵᠤ ᠥᠩᠭᠡᠷᠡᠪᠡ᠃ ᠲᠡᠭᠦᠨ ᠦ᠌ ᠬᠣᠢᠨ᠎ᠠ ᠠ᠋ᠴᠠ ᠲᠤᠭᠤᠴᠠᠷ ᠶᠠᠪᠤᠬᠤ ᠳ᠋ᠠᠭᠠᠨ ᠬᠠᠨ ᠮᠡᠨᠯᠢᠭ᠌ ᠦ᠋ᠨ ᠬᠢᠵᠠᠭᠠᠷ ᠤ᠋ᠨ ᠬᠣᠲᠠ ᠤ᠋ᠳ ᠢ᠋ ᠳᠡᠭᠡᠷᠡᠮᠳᠡᠨ᠂ ᠲᠠᠷᠢᠶᠠᠴᠢᠳ ᠢ᠋ ᠣᠯᠵᠠᠯᠠᠵᠠᠢ᠃ ᠬᠠᠨ ᠮᠠᠨᠯᠢᠭ᠌ ᠬᠣᠲᠠ ᠤ᠋ᠳ ᠢ᠋ᠶ᠋ᠠᠨ ᠰᠦᠢᠳᠬᠡᠬᠥᠯᠪᠡ ᠭᠡᠵᠦ ᠳᠤᠲᠠᠭᠠᠨ ᠬᠥᠳᠡᠯᠵᠦ᠂ ᠵᠠᠯᠠᠯᠳᠢᠨ ᠰᠤᠯᠲᠠᠨ ᠲᠠᠢ ᠨᠡᠢᠯᠡᠵᠦ᠂ ᠴᠢᠩᠭᠢᠰ ᠬᠠᠭᠠᠨ ᠤ᠋ ᠡᠰᠡᠷᠭᠦ ᠪᠠᠢᠯᠳᠤᠪᠠ᠃ ᠴᠢᠩᠭᠢᠰ ᠬᠠᠭᠠᠨ ᠤ᠋ ᠤᠷᠢᠳᠠ ᠰᠢᠭᠢᠬᠤᠲᠤᠭ ᠮᠠᠩᠯᠠᠢᠯᠠᠨ ᠶᠠᠪᠤᠪᠠ᠃ ᠵᠠᠯᠠᠯᠳᠢᠨ ᠰᠤᠯᠲᠠᠨ᠂ ᠬᠠᠨ ᠮᠠᠨᠯᠢᠭ᠌ ᠬᠣᠶᠠᠷ᠂ ᠰᠢᠭᠢᠬᠤᠲᠤᠭ ᠲᠠᠢ ᠪᠠᠢᠯᠳᠤᠵᠤ᠂ ᠴᠢᠩᠭᠢᠰ ᠬᠠᠭᠠᠨ ᠳ᠋ᠤ᠌ ᠬᠦᠷᠲᠡᠯ᠎ᠡ ᠬᠥᠭᠡᠭᠡᠨ ᠢᠷᠡᠬᠦ ᠳ᠋ᠦ᠍᠂ ᠵᠡᠪᠡ᠂ ᠰᠦᠪᠡᠬᠡᠳᠡᠢ᠂ ᠲᠤᠭᠤᠴᠠᠷ ᠭᠤᠷᠪᠠᠭᠤᠯᠠ᠂ ᠵᠠᠯᠠᠯᠳᠢᠨ ᠰᠤᠯᠲᠠᠨ᠂ ᠬᠠᠨ ᠮᠠᠨᠯᠢᠭ᠌ ᠬᠣᠶᠠᠷ ᠤ᠋ᠨ ᠬᠣᠢᠨ᠎ᠠ ᠠ᠋ᠴᠠ ᠨᠡᠬᠡᠨ ᠪᠠᠢᠯᠳᠤᠵᠤ᠂ ᠲᠡᠳᠡᠨ ᠢ᠋ ᠳᠠᠷᠤᠵᠤ ᠬᠢᠳᠤᠭᠠᠳ ᠪᠤᠬᠠᠷ᠂ ᠰᠡᠮᠢᠰᠬᠡᠪ᠂ ᠣᠳᠠᠷᠠᠷ ᠬᠣᠲᠠ ᠶ᠋ᠢᠨ ᠠᠯᠢᠨ ᠳ᠋ᠤ᠌ ᠨᠢ ᠴᠦ᠍ ᠣᠷᠣᠭᠣᠯᠣᠯ ᠦᠭᠡᠢ ᠪᠡᠷ ᠬᠥᠭᠡᠭᠡᠵᠦ ᠪᠠᠢᠯᠳᠤᠭᠰᠠᠭᠠᠷ ᠰᠢᠨ(ᠢᠨᠳ᠋ ᠢᠨᠳᠢ) ᠮᠥᠷᠡᠨ ᠢ᠋ ᠬᠦᠷᠪᠡᠯ ᠰᠠᠷᠲᠠᠭᠤᠯ ᠤ᠋ᠨ ᠴᠡᠷᠢᠭ ᠰᠢᠨ ᠮᠥᠷᠡᠨ ᠳ᠋ᠦ᠍ ᠬᠠᠷᠠᠢᠨ ᠣᠷᠣᠵᠤ᠂ ᠣᠯᠠᠩᠬᠢ ᠨᠢ ᠵᠢᠪᠴᠦ ᠦᠬᠦᠪᠡ᠃ ᠵᠠᠯᠠᠯᠳᠢᠨ ᠰᠤᠯᠲᠠᠨ ᠬᠠᠨ ᠮᠠᠨᠯᠢᠭ᠌ ᠬᠣᠶᠠᠷ ᠠᠮᠢ ᠬᠣᠷᠭᠣᠳᠠᠬᠤ ᠶ᠋ᠢᠨ ᠲᠤᠯᠠ ᠰᠢᠨ ᠮᠥᠷᠡᠨ ᠢ᠋ ᠥᠭᠰᠥᠨ ᠳᠤᠲᠠᠭᠠᠪᠠ᠃ ᠴᠢᠩᠭᠢᠰ ᠬᠠᠭᠠᠨ᠂ ᠰᠢᠨ ᠮᠥᠷᠡᠨ ᠦ᠌ ᠥᠭᠡᠳᠡ ᠶᠠᠪᠤᠵᠤ ᠪᠠᠲᠤ ᠭᠡᠰᠡᠨ ᠢ᠋ ᠳᠠᠭᠠᠷᠢᠨ ᠣᠳᠴᠤ᠂ ᠡᠬᠡ ᠭᠣᠷᠣᠬ᠎ᠠ᠂ ᠬᠡᠬᠥᠨ ᠭᠣᠷᠣᠬᠠᠨ ᠳ᠋ᠤ᠌ ᠬᠦᠷᠴᠦ ᠪᠠᠷᠤᠯᠠ ᠬᠡᠭᠡᠷ᠎ᠡ ᠳ᠋ᠦ᠍ ᠪᠠᠭᠤᠪᠠ᠃ ᠵᠠᠯᠠᠯᠳᠢᠨ ᠰᠤᠯᠲᠠᠨ᠂ ᠬᠠᠨ ᠮᠡᠨᠯᠢᠭ᠌ ᠬᠣᠶᠠᠷ ᠢ᠋ ᠨᠡᠬᠡᠬᠥᠯᠬᠥ ᠪᠡᠷ ᠵᠠᠯᠠᠢᠷ ᠤ᠋ᠨ ᠪᠡᠯᠡ ᠶ᠋ᠢ ᠢᠯᠡᠭᠡᠪᠡ᠃ ᠴᠢᠩᠭᠢᠰ ᠬᠠᠭᠠᠨ᠂ ᠵᠡᠪᠡ ᠰᠦᠪᠡᠬᠡᠳᠡᠢ ᠬᠣᠶᠠᠷ ᠢ᠋ ᠮᠠᠰᠢ ᠰᠠᠢᠰᠢᠶᠠᠵᠤ ᠥᠭᠦᠯᠡᠷᠦᠨ᠄ 《ᠵᠡᠪᠡ ᠴᠢᠨᠦ ᠨᠡᠷ᠎ᠡ ᠵᠢᠷᠭᠤᠭᠠᠲᠠᠢ ᠪᠢᠯᠡ᠃ ᠲᠠᠢᠴᠢᠭᠤᠳ ᠠ᠋ᠴᠠ ᠢᠷᠡᠵᠦ ᠵᠡᠪᠡ ᠨᠡᠷ᠎ᠡ ᠲᠡᠢ ᠪᠣᠯᠪᠠ》 ᠭᠡᠳ ᠲᠣᠭᠣᠴᠠᠷ ᠢ᠋ ᠬᠠᠨ ᠮᠡᠨᠯᠢᠭ᠌ ᠦ᠋ᠨ ᠬᠢᠵᠠᠭᠠᠷ ᠤ᠋ᠨ ᠬᠣᠲᠠ ᠤ᠋ᠳ ᠢ᠋ ᠥᠪᠡᠷ ᠦ᠋ᠨ ᠳᠤᠷ᠎ᠠ ᠪᠠᠷ ᠰᠦᠢᠳᠬᠡᠵᠦ᠂ ᠬᠠᠭᠠᠨ ᠮᠡᠨᠯᠢᠭ᠌ ᠢ᠋ ᠳᠠᠢᠰᠤᠨ ᠪᠣᠯᠭᠠᠪᠠ᠃ ᠴᠡᠭᠡᠷᠯᠡᠯ ᠪᠣᠯᠭᠠᠵᠤ ᠲᠡᠭᠦᠨ ᠢ᠋ ᠠᠯᠠᠶ᠎ᠠ ᠭᠡᠵᠦ ᠬᠡᠯᠡᠭᠰᠡᠨ ᠪᠣᠯᠪᠠᠴᠤ᠂ ᠳᠠᠷᠤᠢ ᠠᠯᠠᠬᠤ ᠪᠠᠨ ᠪᠠᠢᠵᠤ ᠮᠠᠰᠢ ᠪᠤᠷᠤᠭᠤᠰᠢᠶᠠᠨ ᠵᠢᠮᠡᠯᠡᠵᠦ᠂ ᠴᠡᠷᠢᠭ ᠵᠠᠬᠢᠷᠬᠤ ᠡᠷᠬᠡ ᠶ᠋ᠢ ᠬᠠᠰᠤᠪᠠ᠃
258᠂ ᠲᠡᠷᠡ ᠪᠠᠷᠤᠯᠠ ᠬᠡᠭᠡᠷ᠎ᠡ ᠡᠴᠡ ᠴᠢᠩᠭᠢᠰ ᠬᠠᠭᠠᠨ ᠥᠪᠡᠷ ᠢ᠋ᠶ᠋ᠡᠨ ᠪᠤᠴᠠᠵᠤ᠂ ᠵᠥᠴᠢ᠂ ᠴᠠᠭᠠᠲᠠᠢ᠂ ᠥᠭᠡᠳᠡᠢ ᠭᠤᠷᠪᠠᠨ ᠬᠥᠪᠡᠭᠦᠨ ᠢ᠋ᠶ᠋ᠡᠨ ᠪᠠᠷᠠᠭᠤᠨ ᠭᠠᠷ ᠤ᠋ᠨ ᠴᠡᠷᠢᠭ ᠢ᠋ ᠵᠠᠬᠢᠷᠴᠤ᠂ ᠠᠮᠤᠢ ᠮᠥᠷᠡᠨ ᠢ᠋ ᠭᠡᠲᠦᠯᠦᠨ ᠦᠷᠣᠩᠬᠡᠴᠢ ᠬᠣᠲᠠ ᠶ᠋ᠢ ᠬᠥᠷᠥᠭᠲᠦᠨ ᠭᠡᠵᠦ ᠶᠠᠪᠤᠭᠤᠯᠪᠠ᠃ ᠲᠤᠯᠤᠢ ᠶ᠋ᠢ ᠢᠷᠥ ᠢᠰᠠᠪᠣᠷ ᠲᠡᠷᠢᠭᠦᠲᠡᠨ ᠣᠯᠠᠨ ᠬᠣᠲᠠ ᠶ᠋ᠢ ᠡᠵᠡᠯᠡᠭᠦᠯᠬᠦ ᠪᠡᠷ ᠢᠯᠡᠭᠡᠪᠡ᠃ ᠴᠢᠩᠭᠢᠰ ᠬᠠᠭᠠᠨ ᠥᠪᠡᠷ ᠢ᠋ᠶ᠋ᠡᠨ ᠣᠳᠠᠷᠠᠷ ᠬᠣᠲᠠ ᠳ᠋ᠤ᠌ ᠪᠠᠭᠤᠪᠠ᠃ ᠵᠥᠴᠢ᠂ ᠴᠠᠭᠠᠲᠠᠢ᠂ ᠥᠭᠡᠳᠡᠢ ᠭᠤᠷᠪᠠᠨ ᠬᠥᠪᠡᠭᠦᠨ ᠣᠴᠢᠭᠠᠳ ᠭᠡᠳᠡᠷᠭᠦ ᠯᠠᠪᠯᠠᠭᠰᠠᠨ ᠨᠢ᠄ 《ᠴᠡᠷᠢᠭ ᠪᠥᠷᠲᠥᠢᠪᠡ᠃ ᠦᠷᠣᠩᠬᠡᠴᠢ ᠬᠣᠲᠠ ᠶ᠋ᠢ ᠬᠦᠷᠪᠡ᠃ ᠪᠢᠳᠡ ᠬᠡᠨ ᠦ᠌ ᠪᠡᠨ ᠦᠭᠡ ᠶ᠋ᠢ ᠳᠠᠭᠠᠵᠤ ᠶᠠᠪᠤᠬᠤ ᠪᠣᠢ?》 ᠭᠡᠵᠦ ᠥᠴᠢᠵᠦ ᠢᠯᠡᠭᠡᠪᠡᠯ᠂ ᠴᠢᠩᠭᠢᠰ ᠬᠠᠭᠠᠨ ᠵᠠᠷᠯᠢᠭ ᠪᠣᠯᠤᠷᠤᠨ᠄ 《ᠥᠭᠡᠳᠡᠢ ᠶ᠋ᠢᠨ ᠦᠭᠡ ᠪᠡᠷ ᠶᠠᠪᠤᠲᠤᠭᠠᠢ》 ᠭᠡᠵᠦ ᠢᠯᠡᠭᠡᠪᠡ᠃
259᠂ ᠲᠡᠨᠳᠡ ᠡᠴᠡ ᠴᠢᠩᠭᠢᠰ ᠬᠠᠭᠠᠨ᠂ ᠣᠳᠠᠷᠠᠷ ᠬᠣᠲᠠ ᠳ᠋ᠤ᠌ ᠪᠠᠭᠤᠭᠠᠳ ᠪᠠᠰᠠ ᠬᠥᠳᠡᠯᠵᠦ᠂ ᠰᠡᠮᠢᠰᠬᠡᠪ ᠬᠣᠲᠠ ᠳ᠋ᠤ᠌ ᠪᠠᠭᠤᠪᠠ᠃ ᠰᠡᠮᠢᠰᠬᠡᠪ ᠬᠣᠲᠠ ᠠ᠋ᠴᠠ ᠬᠥᠳᠡᠯᠵᠦ᠂ ᠪᠤᠬᠠᠷ ᠬᠣᠲᠠ ᠳ᠋ᠤ᠌ ᠪᠠᠭᠤᠪᠠ᠃ ᠲᠡᠨᠳᠡ ᠴᠢᠩᠭᠢᠰ ᠬᠠᠭᠠᠨ᠂ ᠪᠡᠯᠡ ᠨᠣᠶᠠᠨ ᠢ᠋ ᠬᠦᠯᠢᠶᠡᠵᠦ᠂ ᠠᠯᠲᠠᠨ ᠭᠣᠷᠣᠬ᠎ᠠ ᠶ᠋ᠢᠨ ᠨᠢᠷᠤᠭᠤᠨ ᠳ᠋ᠤ᠌ ᠰᠤᠯᠲᠠᠨ ᠬᠠᠭᠠᠨ ᠤ᠋ ᠵᠤᠰᠠᠯᠠᠩ ᠳ᠋ᠤ᠌ ᠵᠤᠰᠠᠵᠤ᠂ ᠲᠤᠯᠤᠢ ᠳ᠋ᠤ᠌ ᠡᠯᠴᠢ ᠢᠯᠡᠭᠡᠵᠦ ᠬᠡᠯᠡᠭᠦᠯᠦᠭᠰᠡᠨ ᠨᠢ᠄ 《ᠵᠤᠨ ᠤ᠋ ᠬᠠᠯᠠᠭᠤᠨ ᠪᠣᠯᠪᠠ᠃ ᠴᠡᠷᠢᠭ ᠢ᠋ᠶ᠋ᠡᠨ ᠠᠮᠤᠰᠬᠢᠵᠦ ᠪᠠᠭᠤᠯᠭ᠎ᠠ᠃ ᠴᠢ ᠪᠢᠳᠡᠨ ᠳ᠋ᠦ᠍ ᠢᠷᠡᠵᠦ ᠨᠡᠢᠯᠡ!》 ᠭᠡᠵᠦ ᠢᠯᠡᠭᠡᠪᠡ᠃ ᠲᠤᠯᠤᠢ᠂ ᠢᠷᠥ᠂ ᠢᠰᠠᠪᠣᠷ ᠬᠣᠲᠠ ᠶ᠋ᠢ ᠠᠪᠤᠭᠠᠳ ᠰᠢᠰᠳᠠᠨ ᠬᠣᠲᠠ ᠶ᠋ᠢ ᠡᠪᠳᠡᠵᠦ᠂ ᠴᠣᠭ ᠴᠡᠷᠡᠨ ᠬᠣᠲᠠ ᠶ᠋ᠢ ᠡᠪᠳᠡᠵᠦ ᠪᠠᠢᠬᠤ ᠳ᠋ᠤ᠌ ᠡᠯᠴᠢ ᠬᠦᠷᠴᠦ ᠣᠴᠢᠪᠠ᠃ ᠲᠤᠯᠤᠢ ᠴᠣᠭ ᠴᠡᠷᠡᠨ ᠬᠣᠲᠠ ᠶ᠋ᠢ ᠡᠪᠳᠡᠭᠡᠳ ᠪᠤᠴᠠᠵᠤ ᠢᠷᠡᠭᠡᠳ ᠴᠢᠩᠭᠢᠰ ᠬᠠᠭᠠᠨ ᠳ᠋ᠤ᠌ ᠨᠡᠢᠯᠡᠪᠡ᠃
260᠂ ᠵᠥᠴᠢ᠂ ᠴᠠᠭᠠᠲᠠᠢ᠂ ᠥᠭᠡᠳᠡᠢ ᠭᠤᠷᠪᠠᠨ ᠬᠥᠪᠡᠭᠦᠨ᠂ ᠦᠷᠣᠩᠬᠡᠴᠢ ᠬᠣᠲᠠ ᠳ᠋ᠤ᠌ ᠣᠷᠣᠵᠤ ᠭᠤᠷᠪᠠᠭᠤᠯᠠ ᠣᠯᠠᠨ ᠬᠣᠲᠠ ᠪᠠ ᠢᠷᠭᠡᠨ ᠢ᠋ᠶ᠋ᠡᠨ ᠬᠤᠪᠢᠶᠠᠵᠤ ᠠᠪᠤᠭᠠᠳ ᠴᠢᠩᠭᠢᠰ ᠬᠠᠭᠠᠨ ᠳ᠋ᠤ᠌ ᠬᠤᠪᠢ ᠭᠠᠷᠭᠠᠵᠤ ᠥᠭᠭᠦᠭᠰᠡᠨ ᠦᠭᠡᠢ᠃ ᠭᠤᠷᠪᠠᠨ ᠬᠥᠪᠡᠭᠦᠨ ᠪᠤᠴᠠᠵᠤ ᠢᠷᠡᠪᠡᠯ ᠴᠢᠩᠭᠢᠰ ᠬᠠᠭᠠᠨ᠂ ᠵᠥᠴᠢ᠂ ᠴᠠᠭᠠᠲᠠᠢ᠂ ᠥᠭᠡᠳᠡᠢ ᠭᠤᠷᠪᠠᠨ ᠬᠥᠪᠡᠭᠦᠨ ᠳ᠋ᠦ᠍ ᠠᠭᠤᠷᠯᠠᠵᠤ᠂ ᠭᠤᠷᠪᠠᠨ ᠡᠳᠦᠷ ᠡᠰᠡ ᠠᠭᠤᠯᠵᠠᠪᠠ᠃ ᠲᠡᠭᠡᠬᠦ ᠳ᠋ᠦ᠍ ᠪᠣᠭᠣᠷᠴᠤ᠂ ᠮᠤᠬᠤᠯᠠᠢ᠂ ᠰᠢᠭᠢᠬᠤᠲᠤᠭ ᠭᠤᠷᠪᠠ ᠥᠴᠢᠷᠦᠨ᠄ 《ᠲᠡᠮᠡᠴᠡᠨ ᠮᠥᠯᠵᠢᠵᠦ ᠪᠠᠢᠭᠰᠠᠨ ᠰᠠᠷᠲᠠᠭᠤᠯ ᠤᠯᠤᠰ ᠤ᠋ᠨ ᠰᠤᠯᠲᠠᠨ ᠢ᠋ ᠳᠣᠷᠣᠢᠲᠠᠭᠤᠯᠵᠤ᠂ ᠬᠣᠲᠠ ᠪᠠ ᠢᠷᠭᠡᠨ ᠢ᠋ ᠨᠢ ᠠᠪᠤᠯ᠎ᠠ᠂ ᠪᠢᠳᠡ᠃ ᠬᠤᠪᠢᠶᠠᠭᠳᠠᠵᠤ ᠠᠪᠲᠠᠬᠤ ᠦᠷᠣᠩᠬᠡᠴᠢ ᠬᠣᠲᠠ ᠶ᠋ᠢ ᠬᠤᠪᠢᠶᠠᠵᠤ ᠠᠪᠬᠤ ᠬᠥᠪᠡᠭᠦᠳ ᠪᠦᠭᠦᠳᠡ ᠴᠢᠩᠭᠢᠰ ᠬᠠᠭᠠᠨ ᠤ᠋ ᠬᠢ ᠪᠢᠯᠡ᠃ ᠲᠡᠭᠷᠢ ᠭᠠᠵᠠᠷ ᠲᠤ᠌ ᠬᠦᠴᠦ ᠨᠡᠮᠡᠭᠳᠡᠵᠦ᠂ ᠰᠠᠷᠲᠠᠭᠤᠯ ᠢᠷᠭᠡᠨ ᠢ᠋ ᠢᠩᠭᠢᠵᠦ ᠳᠣᠷᠣᠢᠲᠠᠭᠤᠯᠤᠭᠰᠠᠨ ᠳ᠋ᠤ᠌ ᠣᠯᠠᠨ ᠪᠢᠳᠡ᠂ ᠴᠡᠷᠢᠭ ᠮᠣᠷᠢ ᠴᠢᠨᠢ ᠪᠦᠭᠦᠳᠡᠭᠡᠷ ᠪᠡᠶᠡᠰᠴᠦ ᠪᠠᠬᠠᠳᠤᠵᠤ ᠪᠠᠢᠨ᠎ᠠ᠃ ᠬᠠᠭᠠᠨ ᠶᠠᠭᠤᠨ ᠳ᠋ᠤ᠌ ᠢᠩᠭᠢᠵᠦ ᠬᠢᠯᠢᠩᠨᠡᠪᠡ? ᠬᠥᠪᠡᠭᠦᠳ ᠨᠢᠭᠡᠨᠲᠡ ᠪᠤᠷᠤᠭᠤ ᠪᠠᠨ ᠮᠡᠳᠡᠭᠡᠳ ᠠᠶᠤᠵᠤ ᠪᠠᠢᠨ᠎ᠠ᠃ ᠬᠣᠢᠰᠢᠳᠠ ᠰᠤᠷᠭᠠᠯ ᠪᠣᠯᠲᠤᠭᠠᠢ! ᠬᠥᠪᠡᠭᠦᠳ ᠦ᠋ᠨ ᠠᠪᠤᠷᠢ ᠠᠯᠭᠠᠰᠣᠩᠭ᠋ᠣᠢ ᠪᠣᠯᠭᠤᠵᠠᠢ᠃ ᠬᠠᠭᠠᠨ ᠰᠣᠶᠣᠷᠬᠠᠪᠠᠯ᠂ ᠬᠥᠪᠡᠭᠦᠳ ᠢ᠋ ᠠᠭᠤᠯᠵᠠᠭᠤᠯᠵᠤ ᠪᠣᠯᠬᠤ ᠤᠤ?》 ᠭᠡᠵᠦ ᠥᠴᠢᠪᠡᠯ᠂ ᠴᠢᠩᠭᠢᠰ ᠬᠠᠭᠠᠨ ᠲᠠᠢᠳᠬᠤᠷᠠᠵᠤ ᠵᠥᠴᠢ᠂ ᠴᠠᠭᠠᠲᠠᠢ᠂ ᠥᠭᠡᠳᠡᠢ ᠭᠤᠷᠪᠠᠨ ᠬᠥᠪᠡᠭᠦᠨ ᠢ᠋ ᠠᠭᠤᠯᠵᠠᠭᠤᠯᠵᠤ ᠲᠣᠩᠭ᠋ᠣᠳᠴᠣ᠂ ᠡᠪᠦᠭᠡᠳ ᠦ᠋ᠨ ᠦᠭᠡ ᠶ᠋ᠢ ᠥᠪ ᠪᠣᠯᠭᠠᠵᠤ᠂ ᠬᠠᠭᠤᠴᠢᠨ ᠦᠭᠡ ᠶ᠋ᠢ ᠬᠠᠤᠯᠢ ᠪᠣᠯᠭᠠᠵᠤ᠂ ᠪᠠᠢᠭᠰᠠᠨ ᠭᠠᠵᠠᠷ ᠨᠢ ᠲᠣᠭᠲᠠᠵᠤ ᠶᠠᠳᠠᠲᠠᠯ᠎ᠠ᠂ ᠮᠠᠩᠨᠠᠢ ᠶ᠋ᠢᠨ ᠬᠥᠯᠥᠰᠥ ᠶ᠋ᠢ ᠠᠷᠴᠢᠵᠤ ᠶᠠᠳᠠᠲᠠᠯ᠎ᠠ ᠵᠢᠮᠡᠯᠡᠵᠦ ᠪᠤᠷᠤᠭᠤᠰᠢᠶᠠᠵᠤ ᠪᠠᠢᠬᠤ ᠳ᠋ᠤ᠌ ᠬᠣᠩᠬᠠᠢ ᠬᠣᠩᠳᠠᠭᠠᠷ ᠴᠤᠷᠮᠠᠬᠠᠨ ᠡᠨᠡ ᠭᠤᠷᠪᠠᠨ ᠬᠣᠷᠴᠢᠨ᠂ ᠴᠢᠩᠭᠢᠰ ᠬᠠᠭᠠᠨ ᠳ᠋ᠤ᠌ ᠥᠴᠢᠷᠦᠨ᠄ 《ᠬᠦᠷᠦᠭᠡ ᠳ᠋ᠦ᠍ ᠰᠠᠶᠢ ᠭᠠᠷᠴᠤ ᠪᠠᠢᠭ᠎ᠠ ᠵᠠᠯᠠᠭᠤ ᠬᠠᠷᠴᠠᠭᠠᠢ ᠮᠡᠲᠦ᠂ ᠬᠥᠪᠡᠭᠦᠳ ᠰᠠᠶᠢ ᠲᠡᠢᠨ ᠳ᠋ᠦ᠍ ᠶᠠᠪᠤᠵᠤ ᠡᠳᠦᠢᠴᠢᠨᠡᠭᠡᠨ ᠰᠤᠷᠴᠤ ᠪᠠᠢᠬᠤ ᠳ᠋ᠤ᠌᠂ ᠬᠥᠪᠡᠭᠦᠳ ᠦ᠋ᠨ ᠵᠣᠷᠢᠭ ᠢ᠋ ᠰᠢᠨᠲᠠᠷᠠᠭᠤᠯᠤᠨ ᠡᠨᠡ ᠮᠡᠲᠦ ᠪᠡᠷ ᠶᠠᠭᠠᠬᠢᠵᠤ ᠲᠣᠩᠭ᠋ᠣᠳᠴᠣ ᠪᠣᠯᠬᠤ ᠪᠣᠢ? ᠬᠥᠪᠡᠭᠦᠳ ᠠᠶᠤᠵᠤ ᠰᠡᠳᠬᠢᠯ ᠠᠯᠭᠠᠰᠠᠩᠭ᠋ᠣᠢ ᠪᠣᠯᠭᠤᠵᠠᠢ᠃ ᠤᠷᠭᠤᠬᠤ ᠨᠠᠷᠠᠨ ᠠ᠋ᠴᠠ ᠰᠢᠩᠭᠡᠬᠦ ᠨᠠᠷᠠᠨ ᠳ᠋ᠤ᠌ ᠬᠦᠷᠲᠡᠯ᠎ᠡ ᠳᠠᠢᠰᠤᠨ ᠢᠷᠭᠡᠨ ᠣᠯᠠᠨ ᠪᠠᠢᠨ᠎ᠠ᠃ ᠪᠢᠳᠡᠨ ᠦ᠌ ᠵᠠᠭᠤᠳᠠᠭ ᠨᠣᠬᠠᠢᠳ ᠢ᠋ ᠲᠤᠬᠢᠷᠴᠤ ᠶᠠᠪᠤᠭᠤᠯᠪᠠᠯ᠂ ᠳᠠᠢᠰᠤᠨ ᠤᠯᠤᠰ ᠢ᠋ ᠪᠢᠳᠡᠨ ᠳᠠᠷᠤᠵᠤ᠂ ᠲᠡᠭᠷᠢ ᠭᠠᠵᠠᠷ ᠤ᠋ᠨ ᠥᠮᠥᠭ ᠢ᠋ᠶ᠋ᠡᠷ ᠬᠦᠴᠦ ᠪᠡᠨ ᠨᠡᠮᠡᠭᠳᠡᠭᠦᠯᠵᠦ᠂ ᠠᠯᠲᠠ᠂ ᠮᠥᠩᠭᠥ᠂ ᠡᠳ᠋ ᠠᠭᠤᠷᠠᠰᠤ ᠡᠯ᠎ᠡ ᠪᠦᠬᠦᠢ ᠶᠠᠭᠤᠮ᠎ᠠ ᠶ᠋ᠢ ᠴᠢᠮ᠎ᠠ ᠳ᠋ᠤ᠌ ᠠᠪᠴᠢᠷᠠᠵᠤ ᠦᠭᠶ᠎ᠡ! ᠠᠯᠢ ᠤᠯᠤᠰ ᠲᠤ᠌ ᠶᠠᠪᠤᠭᠤᠯᠬᠤ ᠪᠣᠢ ᠭᠡᠪᠡᠯ᠂ ᠪᠠᠭᠳᠠᠳ᠋ ᠢᠷᠭᠡᠨ ᠦ᠌ ᠬᠠᠯᠢᠪᠠᠢ ᠰᠤᠯᠲᠠᠨ ᠭᠡᠵᠦ ᠪᠣᠢ ᠭᠡᠨ᠎ᠡ( ᠪᠠᠭᠲᠠᠳ᠋ ᠪᠣᠯ ᠡᠨᠡᠳᠬᠡᠭ ᠪᠠ ᠢᠷᠡᠨ ᠡᠴᠡ ᠪᠠᠷᠠᠭᠤᠨ ᠳᠠᠰᠢ ᠳ᠋ᠢᠭᠯᠡ ᠮᠥᠷᠡᠨ ᠦ᠌ ᠬᠥᠪᠡᠭᠡᠨ ᠳ᠋ᠦ᠍ ᠪᠠᠢᠭ᠎ᠠ ᠶᠡᠬᠡ ᠬᠣᠲᠠ ᠮᠥᠨ )᠃ ᠲᠡᠭᠦᠨ ᠢ᠋ ᠡᠵᠡᠯᠡᠬᠦ ᠪᠡᠷ ᠪᠢᠳᠡ ᠠᠶᠠᠯᠠᠨ ᠶᠠᠪᠤᠶ᠎ᠠ!》 ᠭᠡᠵᠦ ᠥᠴᠢᠪᠡᠯ ᠡᠨᠡ ᠦᠭᠡ ᠶ᠋ᠢ ᠰᠢᠭᠦᠮᠵᠢᠯᠡᠨ ᠪᠣᠳᠣᠵᠤ᠂ ᠴᠢᠩᠭᠢᠰ ᠬᠠᠭᠠᠨ ᠤ᠋ ᠬᠢᠯᠢᠩ ᠲᠠᠢᠳᠬᠤᠷᠠᠵᠤ ᠵᠥᠪᠰᠢᠶᠡᠷᠡᠭᠡᠳ ᠬᠣᠩᠬᠠᠢ ᠬᠣᠩᠳᠠᠭᠠᠷ ᠴᠣᠷᠮᠠᠬᠠᠨ ᠭᠤᠷᠪᠠᠨ ᠬᠣᠷᠴᠢᠨ ᠢ᠋ ᠰᠣᠶᠣᠷᠬᠠᠵᠤ᠂ ᠠᠳᠠᠷᠬᠢᠨ ᠤ᠋ ᠬᠣᠩᠬᠠᠢ᠂ ᠲᠣᠯᠣᠩᠬᠢᠷᠳᠠᠢ ᠬᠣᠩᠳᠠᠭᠠᠷ ᠬᠣᠶᠠᠷ ᠢ᠋ 《ᠮᠢᠨᠦ ᠳᠡᠷᠭᠡᠳᠡ ᠪᠠᠢᠲᠤᠭᠠᠢ!》 ᠭᠡᠵᠦ ᠨᠥᠭᠥᠭᠡ ᠦᠳᠡᠬᠡᠳᠡᠢ ᠴᠣᠷᠮᠠᠬᠠᠨ ᠢ᠋ ᠪᠠᠭᠳᠠᠳ᠋ ᠤᠯᠤᠰ ᠤ᠋ᠨ ᠬᠠᠯᠢᠪᠠᠢ ᠰᠤᠯᠲᠠᠨ ᠳ᠋ᠤ᠌ ᠠᠶᠠᠯᠠᠭᠤᠯᠪᠠ᠃
261᠂ ᠪᠠᠰᠠ ᠢᠨᠳᠦᠰ (ᠡᠨᠡᠳᠬᠡᠭ)ᠢᠷᠭᠡᠨ᠂ ᠪᠠᠭᠳᠠᠳ᠋ ᠢᠷᠭᠡᠨ ᠬᠣᠶᠠᠷ ᠤ᠋ᠨ ᠵᠠᠪᠰᠠᠷ ᠲᠤ᠌ ᠪᠠᠢᠭ᠎ᠠ ᠠᠷᠤ᠂ ᠮᠠᠷᠣ ᠂ ᠮᠠᠳᠠᠰᠠᠷᠢ ᠤᠯᠤᠰ ᠤ᠋ᠨ ᠠᠪᠳᠣ ᠬᠣᠲᠠ ᠶ᠋ᠢ ᠡᠵᠡᠯᠡᠬᠦ ᠪᠡᠷ ᠳᠥᠷᠪᠡᠳ ᠦ᠋ᠨ ᠲᠦᠷᠪᠡᠢ ᠳᠣᠭᠰᠢᠨ ᠢ᠋ ᠠᠶᠠᠯᠠᠭᠤᠯᠪᠠ᠃
262᠂ ᠪᠠᠰᠠ ᠰᠦᠪᠡᠬᠡᠳᠡᠢ ᠪᠠᠭᠠᠲᠤᠷ ᠢ᠋ ᠤᠮᠠᠷ᠎ᠠ ᠵᠦᠭ ᠦ᠋ᠨ ᠬᠠᠩᠯᠢᠨ᠂ ᠬᠢᠪᠴᠠᠭ᠂ ᠪᠠᠵᠢᠭᠢᠳ᠂ ᠣᠷᠣᠰ᠂ ᠮᠠᠵᠠᠷ᠂ ᠠᠰᠤ ᠂ ᠰᠡᠰᠦ᠂ ᠰᠡᠷᠬᠡᠰ᠂ ᠺᠠᠰᠢᠮᠢᠷ᠂ ᠪᠤᠯᠠᠷ (ᠪᠤᠶᠤ ᠪᠣᠯᠭᠠᠷᠢ)᠂ ᠷᠠᠷᠠᠯ ᠡᠳᠡᠭᠡᠷ ᠠᠷᠪᠠᠨ ᠨᠢᠭᠡᠨ ᠠᠢᠮᠠᠭ ᠬᠠᠷᠢ ᠤᠯᠤᠰ ᠢ᠋ ᠬᠦᠷᠲᠡᠯ᠎ᠡ ᠢᠵᠢᠯ (ᠸᠣᠯᠭ᠎ᠠ)᠂ ᠵᠠᠶᠠᠭ (ᠣᠷᠣᠯ ᠭᠣᠣᠯ) ᠮᠥᠷᠡᠨ ᠢ᠋ ᠭᠡᠲᠦᠯᠦᠭᠦᠯᠦᠨ ᠂ ᠺᠢᠧᠨᠮᠡᠨ (ᠺᠢᠸᠠᠮᠠᠨ ᠪᠤᠶᠤ ᠺᠢᠶᠠᠪ) ᠂ ᠬᠡᠷᠮᠡᠨ ᠬᠣᠲᠠ ᠤ᠋ᠳ ᠢ᠋ ᠬᠦᠷᠲᠡᠯ᠎ᠡ ᠠᠶᠠᠯᠠᠭᠤᠯᠪᠠ᠃
263᠂ ᠪᠠᠰᠠ ᠰᠠᠷᠲᠠᠭᠤᠯ ᠤᠯᠤᠰ ᠢ᠋ ᠡᠵᠡᠯᠡᠵᠦ ᠳᠠᠭᠤᠰᠤᠭᠠᠳ ᠴᠢᠩᠭᠢᠰ ᠬᠠᠭᠠᠨ ᠤ᠋ ᠵᠠᠷᠯᠢᠭ ᠢ᠋ᠶ᠋ᠠᠷ ᠬᠣᠲᠠ᠂ ᠬᠣᠲᠠ ᠳ᠋ᠤ᠌ ᠳᠠᠷᠤᠭ᠎ᠠ ᠲᠠᠯᠪᠢᠬᠤ ᠳ᠋ᠤ᠌ ᠦᠷᠣᠩᠬᠡᠴᠢ ᠬᠣᠲᠠ ᠠ᠋ᠴᠠ ᠬᠣᠷᠣᠮᠰᠢ ᠣᠪᠣᠭ ᠲᠠᠢ ᠰᠠᠷᠲᠠᠭᠤᠯ ᠶᠡᠯᠠᠧᠨᠴᠢ ᠮᠠᠰᠠᠬᠣᠳ ᠭᠡᠳᠡᠭ ᠨᠡᠷ᠎ᠡ ᠲᠡᠢ ᠡᠴᠢᠭᠡ ᠬᠥᠪᠡᠭᠦᠨ ᠬᠣᠶᠠᠷ ᠢᠷᠡᠵᠦ᠂ ᠬᠣᠲᠠ ᠭᠠᠵᠠᠷ ᠤ᠋ᠨ ᠶᠣᠰᠣ ᠵᠠᠩᠰᠢᠯ ᠤ᠋ᠨ ᠲᠤᠬᠠᠢ ᠴᠢᠩᠭᠢᠰ ᠬᠠᠭᠠᠨ ᠲᠠᠢ ᠶᠠᠷᠢᠯᠴᠠᠪᠠ᠃ ᠲᠡᠳᠡ᠂ ᠬᠣᠲᠠ ᠭᠠᠵᠠᠷ ᠤ᠋ᠨ ᠵᠠᠩᠰᠢᠯ ᠶᠣᠰᠣ ᠶ᠋ᠢ ᠰᠠᠢᠨ ᠮᠡᠳᠡᠬᠦ ᠲᠤᠯᠠ ᠬᠥᠪᠡᠭᠦᠨ ᠬᠣᠷᠣᠮᠰᠢ ᠮᠠᠰᠠᠬᠣᠳ ᠢ᠋ ᠮᠣᠩᠭ᠋ᠣᠯ ᠳᠠᠷᠤᠭ᠎ᠠ ᠨᠠᠷ ᠤ᠋ᠨ ᠬᠠᠮᠲᠤ ᠪᠤᠬᠠᠷ᠂ ᠰᠡᠮᠢᠰᠬᠡᠪ᠂ ᠦᠷᠣᠩᠬᠡᠴᠢ᠂ ᠤᠳᠠᠨ᠂ ᠬᠢᠰᠬᠠᠷ᠂ ᠣᠷᠢᠶᠠᠩ᠂ ᠬᠦᠰᠡᠨ ᠲᠠᠷᠢᠯ ᠲᠡᠷᠢᠭᠦᠲᠡᠨ ᠬᠣᠲᠠ ᠶ᠋ᠢ ᠵᠠᠬᠢᠷᠤᠭᠤᠯᠤᠭᠠᠳ ᠡᠴᠢᠭᠡ ᠬᠣᠷᠣᠮᠰᠢ ᠶᠡᠯᠠᠧᠨᠴᠢ ᠶ᠋ᠢ ᠠᠪᠴᠢᠷᠠᠵᠤ᠂ ᠬᠢᠲᠠᠳ ᠤ᠋ᠨ ᠵᠥᠩᠲᠦ ᠬᠣᠲᠠ ᠶ᠋ᠢ ᠵᠠᠬᠢᠷᠤᠭᠤᠯᠪᠠ᠃ ᠶᠡᠯᠠᠧᠨᠴᠢ ᠮᠠᠰᠠᠬᠣᠳ ᠨᠠᠷ ᠬᠣᠲᠠ ᠰᠠᠭᠤᠷᠢᠨ ᠭᠠᠵᠠᠷ ᠤ᠋ᠨ ᠵᠢᠷᠤᠮ ᠶᠣᠰᠣ ᠶ᠋ᠢ ᠰᠠᠢᠨ ᠮᠡᠳᠡᠬᠦ ᠲᠤᠯᠠ ᠬᠢᠲᠠᠳ ᠤᠯᠤᠰ ᠢ᠋ ᠵᠠᠬᠢᠷᠬᠤ ᠮᠣᠩᠭ᠋ᠣᠯ ᠳᠠᠷᠤᠭ᠎ᠠ ᠨᠠᠷ ᠤ᠋ᠨ ᠳᠡᠷᠭᠡᠳᠡ ᠰᠠᠷᠲᠠᠭᠤᠯ ᠬᠥᠮᠦᠰ ᠢ᠋ ᠵᠥᠪᠯᠡᠭᠴᠢ ᠨᠠᠷ ᠢ᠋ᠶ᠋ᠠᠷ ᠲᠣᠮᠢᠯᠠᠪᠠ᠃
264᠂ ᠴᠢᠩᠭᠢᠰ ᠬᠠᠭᠠᠨ᠂ ᠰᠠᠷᠲᠠᠭᠤᠯ ᠤᠯᠤᠰ ᠲᠤ᠌ ᠳᠣᠯᠣᠭᠠᠨ ᠵᠢᠯ ᠶᠠᠪᠤᠭᠠᠳ ᠲᠡᠨᠳᠡ ᠵᠠᠯᠠᠢᠷ ᠤ᠋ᠨ ᠪᠡᠯᠡ ᠨᠣᠶᠠᠨ ᠢ᠋ ᠬᠦᠯᠢᠶᠡᠵᠦ ᠪᠠᠢᠬᠤ ᠳ᠋ᠤ᠌ ᠪᠡᠯᠡ ᠨᠣᠶᠠᠨ ᠰᠢᠨ ᠮᠥᠷᠡᠨ ᠢ᠋ ᠭᠡᠲᠦᠯᠵᠦ᠂ ᠵᠠᠯᠠᠯᠳᠢᠨ ᠰᠤᠯᠲᠠᠨ᠂ ᠬᠠᠨ ᠮᠡᠨᠯᠢᠭ᠌ ᠬᠣᠶᠠᠷ ᠢ᠋ ᠢᠨᠳᠣᠰ ᠭᠠᠵᠠᠷ ᠬᠦᠷᠲᠡᠯ᠎ᠡ ᠨᠡᠬᠡᠪᠡᠯ ᠵᠠᠯᠠᠯᠳᠢᠨ ᠰᠤᠯᠲᠠᠨ᠂ ᠬᠠᠨ ᠮᠡᠨᠯᠢᠭ᠌ ᠬᠣᠶᠠᠷ ᠨᠢᠭᠡᠨᠲᠡ ᠵᠠᠯᠬᠠᠭᠰᠠᠨ ᠲᠤᠯᠠ ᠢᠨᠳᠣᠰ ᠤ᠋ᠨ ᠬᠢᠵᠠᠭᠠᠷ ᠤ᠋ᠨ ᠢᠷᠭᠡᠳ ᠢ᠋ ᠣᠯᠵᠠᠯᠠᠵᠤ ᠲᠣᠨᠣᠭᠠᠳ ᠣᠯᠠᠨ ᠲᠡᠮᠡᠭᠡ᠂ ᠢᠮᠠᠭ᠎ᠠ ᠶ᠋ᠢ ᠠᠪᠴᠤ ᠪᠤᠴᠠᠵᠤ ᠢᠷᠡᠵᠡᠢ᠃ ᠲᠡᠨᠳᠡ ᠡᠴᠡ ᠴᠢᠩᠭᠢᠰ ᠬᠠᠭᠠᠨ᠂ ᠪᠤᠴᠠᠬᠤ ᠵᠠᠮ ᠳ᠋ᠠᠭᠠᠨ ᠡᠷᠴᠢᠰ ᠮᠥᠷᠡᠨ ᠳ᠋ᠦ᠍ ᠵᠤᠰᠠᠵᠤ᠂ ᠳᠣᠯᠣᠳᠤᠭᠠᠷ ᠣᠨ ᠲᠠᠬᠢᠶ᠎ᠠ ᠵᠢᠯ ᠦ᠋ᠨ (1225) ᠨᠠᠮᠤᠷ ᠲᠤᠤᠯᠠ ᠭᠣᠣᠯ ᠤ᠋ᠨ ᠬᠠᠷ᠎ᠠ ᠰᠢᠭᠤᠢ ᠳ᠋ᠤ᠌ ᠶᠡᠬᠡ ᠤᠷᠲᠤ ᠪᠠᠨ ᠵᠠᠰᠠᠵᠤ ᠪᠠᠭᠤᠪᠠ᠃

