ᠰᠠᠢᠬᠠᠨ ᠴᠢᠨᠦ ᠨᠤᠲᠤᠭ ᠡᠴᠡ -ᠤᠷᠢᠬᠠᠨСайхан чиний нутгаас-Урьхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠴᠢᠨᠦ ᠨᠤᠲᠤᠭ ᠡᠴᠡ -ᠤᠷᠢᠬᠠᠨСайхан чиний нутгаас-Урьхан

ᠰᠠᠢᠬᠠᠨ ᠴᠢᠨᠦ ᠨᠤᠲᠤᠭ ᠡᠴᠡ -ᠤᠷᠢᠬᠠᠨСайхан чиний нутгаас-Урьхан

ᠠᠩᠭᠢᠯᠠᠯ:ᠳᠠᠭᠤᠤ ᠬᠥᠭᠵᠢᠮ
2026-03-12

362

ᠰᠠᠢᠬᠠᠨ ᠴᠢᠨᠦ ᠨᠤᠲᠤᠭ ᠡᠴᠡ


   ᠰᠢᠯᠦᠭ᠄ ᠶᠣ· ᠡᠷᠳᠡᠨᠢᠲᠣᠭᠲᠠᠬᠤ 
   ᠠᠶ᠎ᠠ᠄ ᠣ· ᠱᠠᠭᠳᠠᠷ 
   ᠳᠠᠭᠤᠴᠢᠨ᠄ ᠤᠷᠢᠬᠠᠨ 

ᠨᠡᠭᠦᠭᠡᠳ ᠢᠷᠡᠬᠦ ᠬᠤᠷ᠎ᠠ ᠶ᠋ᠢᠨ ᠡᠭᠦᠯᠡᠨ ᠦ᠌ ᠬᠢᠨᠢ 
ᠵᠦᠰᠡᠷᠡᠬᠦ ᠨᠢ ᠶᠠᠭᠠᠬᠢᠭᠰᠠᠨ ᠴᠤ᠌ ᠵᠥᠭᠡᠯᠡᠨ ᠶᠤᠮ ᠪᠣᠢ 
ᠨᠢᠰᠦᠭᠡᠳ ᠣᠢᠷᠠᠳᠬᠤ ᠠᠩᠭᠢᠷ ᠭᠠᠯᠠᠭᠤᠨ ᠤ᠋ ᠬᠢᠨᠢ 
ᠬᠣᠣᠰᠯᠠᠬᠤ ᠨᠢ ᠶᠠᠭᠠᠬᠢᠭᠰᠠᠨ ᠴᠤ᠌ ᠵᠢᠷᠭᠠᠯ ᠲᠠᠢ ᠶᠤᠮ ᠪᠣᠢ 
ᠰᠠᠯᠭᠠᠭᠤ ᠬᠣᠯᠠ ᠠ᠋ᠴᠠ ᠴᠡᠩᠬᠡᠷᠯᠡᠭᠡᠳ ᠪᠠᠢᠳᠠᠭ ᠨᠢ 
ᠰᠠᠢᠬᠠᠨ ᠴᠢᠨᠦ ᠮᠢᠨᠢ ᠰᠠᠷᠠᠭᠤᠯ ᠨᠤᠲᠤᠭ ᠠ᠋ 
ᠰᠠᠨᠠᠭ᠎ᠠ ᠰᠡᠳᠬᠢᠯ ᠳ᠋ᠦ᠍ ᠮᠢᠨᠢ ᠬᠡᠷᠡᠯᠳᠦᠭᠡᠳ ᠪᠠᠢᠳᠠᠭ ᠨᠢ 
ᠰᠠᠢᠬᠠᠨ ᠴᠢᠨᠦ ᠮᠢᠨᠢ ᠬᠠᠷᠠᠬᠠᠨ ᠮᠡᠯᠮᠡᠢ ᠠ᠋

ᠠᠶᠠᠰ ᠠᠶᠠᠰᠬᠠᠨ ᠨᠠᠢᠭᠤᠬᠤ ᠴᠡᠴᠡᠭᠡᠰ ᠦ᠋ᠨ ᠬᠢᠨᠢ
ᠦᠨᠦᠷ ᠨᠢ ᠶᠠᠭᠠᠬᠢᠭᠰᠠᠨ ᠴᠤ᠌ ᠠᠩᠬᠢᠯᠤᠭᠤᠨ ᠶᠤᠮ ᠪᠣᠢ
ᠠᠶᠠᠷ ᠠᠶᠠᠷᠬᠠᠨ ᠬᠠᠩᠭᠢᠨᠠᠬᠤ ᠳᠠᠭᠤᠤ ᠶ᠋ᠢᠨ ᠬᠢᠨᠢ
ᠠᠶᠠᠯᠭᠤ ᠨᠢ ᠶᠠᠭᠠᠬᠢᠭᠰᠠᠨ ᠴᠤ᠌ ᠢᠷᠠᠭᠤᠬᠠᠨ ᠶᠤᠮ ᠪᠣᠢ
ᠰᠠᠯᠭᠠᠭᠤ ᠬᠣᠯᠠ ᠠ᠋ᠴᠠ ᠴᠡᠩᠬᠡᠷᠯᠡᠭᠡᠳ ᠪᠠᠢᠳᠠᠭ ᠨᠢ
ᠰᠠᠢᠬᠠᠨ ᠴᠢᠨᠦ ᠮᠢᠨᠢ ᠰᠠᠷᠠᠭᠤᠯ ᠨᠤᠲᠤᠭ ᠠ᠋
ᠰᠠᠨᠠᠭ᠎ᠠ ᠰᠡᠳᠬᠢᠯ ᠳ᠋ᠦ᠍ ᠮᠢᠨᠢ ᠬᠡᠷᠡᠯᠳᠦᠭᠡᠳ ᠪᠠᠢᠳᠠᠭ ᠨᠢ
ᠰᠠᠢᠬᠠᠨ ᠴᠢᠨᠦ ᠮᠢᠨᠢ ᠬᠠᠷᠠᠬᠠᠨ ᠮᠡᠯᠮᠡᠢ ᠠ᠋

ᠨᠠᠯᠠᠭᠠᠷ ᠲᠠᠯ᠎ᠠ ᠶ᠋ᠢᠨ ᠬᠢᠨᠢ ᠳᠡᠨᠵᠢᠨ ᠡᠴᠡ ᠮᠠᠨᠳᠤᠬᠤ
ᠨᠠᠷᠠ ᠨᠢ ᠶᠠᠭᠠᠬᠢᠭᠰᠠᠨ ᠴᠤ᠌ ᠣᠢᠷᠠᠬᠠᠨ ᠶᠤᠮ ᠪᠣᠢ
ᠰᠠᠨᠰᠠᠷ ᠲᠩᠷᠢ ᠶ᠋ᠢᠨ ᠬᠢᠨᠢ ᠴᠡᠭᠡᠯ ᠳ᠋ᠦ᠍ ᠬᠣᠨᠣᠬᠤ
ᠰᠠᠷᠠ ᠨᠢ ᠶᠠᠭᠠᠬᠢᠭᠰᠠᠨ ᠴᠤ᠌ ᠲᠣᠳᠣᠬᠠᠨ ᠶᠤᠮ ᠪᠣᠢ
ᠰᠠᠯᠭᠠᠭᠤ ᠬᠣᠯᠠ ᠠ᠋ᠴᠠ ᠴᠡᠩᠬᠡᠷᠯᠡᠭᠡᠳ ᠪᠠᠢᠳᠠᠭ ᠨᠢ
ᠰᠠᠢᠬᠠᠨ ᠴᠢᠨᠦ ᠮᠢᠨᠢ ᠰᠠᠷᠠᠭᠤᠯ ᠨᠤᠲᠤᠭ ᠠ᠋
ᠰᠠᠨᠠᠭ᠎ᠠ ᠰᠡᠳᠬᠢᠯ ᠳ᠋ᠦ᠍ ᠮᠢᠨᠢ ᠬᠡᠷᠡᠯᠳᠦᠭᠡᠳ ᠪᠠᠢᠳᠠᠭ ᠨᠢ
ᠰᠠᠢᠬᠠᠨ ᠴᠢᠨᠦ ᠮᠢᠨᠢ ᠬᠠᠷᠠᠬᠠᠨ ᠮᠡᠯᠮᠡᠢ ᠠ᠋

  ᠦᠰᠦᠭ ᠠᠮᠢᠯᠠᠭᠤᠯᠤᠭᠴᠢ᠂ ᠪᠠᠢ ᠰᠠᠷᠠᠨ᠎ᠠ
  ᠦᠰᠦᠭ ᠬᠠᠲᠠᠭᠴᠢ᠄ ᠪᠠᠢ ᠰᠠᠷᠠᠨ᠎ᠠ
  ᠬᠢᠨᠠᠭᠴᠢ᠄ ᠰᠣᠨᠢᠨᠪᠠᠶᠠᠷ