ᠬᠣᠨᠢᠨ ᠵᠢᠯᠲᠡᠳ ᠦ᠋ᠨ ᠳᠠᠭᠤᠤ -ᠲᠠᠨᠲᠠᠷ Хонин жилтатын дуу-Тантар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠨᠢᠨ ᠵᠢᠯᠲᠡᠳ ᠦ᠋ᠨ ᠳᠠᠭᠤᠤ -ᠲᠠᠨᠲᠠᠷ Хонин жилтатын дуу-Тантар

ᠬᠣᠨᠢᠨ ᠵᠢᠯᠲᠡᠳ ᠦ᠋ᠨ ᠳᠠᠭᠤᠤ -ᠲᠠᠨᠲᠠᠷ Хонин жилтатын дуу-Тантар

2026-03-12

968

ᠬᠣᠨᠢᠨ ᠵᠢᠯᠲᠡᠳ ᠦ᠋ᠨ ᠳᠠᠭᠤᠤ

  
     ᠦᠭᠡ᠄ ᠬᠦᠪᠳᠦᠭᠦᠳ ᠪᠠᠲᠤᠵᠢᠷᠭᠠᠯ 
     ᠠᠶ᠎ᠠ᠄ ᠲᠣᠳᠣᠰᠠᠢᠬᠠᠨ 
     ᠳᠠᠭᠤᠴᠢᠨ᠄ ᠲᠠᠨᠲᠠᠷ       
     ᠪᠤᠷᠢᠶᠠᠳ ᠳᠠᠭᠤᠤ 

ᠴᠡᠯᠭᠢᠶᠡᠬᠡᠨ ᠨᠤᠲᠤᠭ ᠤ᠋ᠨ ᠨᠠᠢ᠍ᠮᠠᠨ ᠵᠦᠭ ᠡᠴᠡ   
ᠴᠡᠨᠡᠲᠡᠢᠬᠡᠨ ᠰᠡᠳᠬᠢᠯ ᠢ᠋ᠶ᠋ᠡᠷ ᠢ᠋ᠶ᠋ᠡᠨ ᠵᠣᠯᠭᠠᠭᠰᠠᠨ   
ᠴᠡᠩᠭᠡᠯ ᠵᠢᠷᠭᠠᠯ ᠤ᠋ᠨ ᠪᠤᠶᠠᠨ ᠳᠡᠯᠭᠡᠩᠭᠡᠨ   
ᠰᠡᠴᠡᠨ ᠤᠬᠠᠭᠠᠨ ᠢ᠋ᠶ᠋ᠠᠷ ᠨᠥᠬᠥᠷᠯᠡᠭᠰᠡᠨ   
ᠰᠢᠨᠡᠬᠡᠨ ᠨᠤᠲᠤᠭ ᠲᠣᠭᠣᠨᠣᠲᠤ ᠲᠠᠢ ᠳᠠ   
ᠰᠡᠳᠬᠢᠯ ᠦ᠋ᠨ ᠠᠷᠢᠭᠤᠨ ᠬᠣᠯᠪᠣᠭ᠎ᠠ ᠲᠠᠢ ᠳᠠ   
ᠬᠣᠨᠢᠨ ᠵᠢᠯᠲᠡᠳ ᠮᠠᠨ ᠤ᠋ ᠦᠦᠷᠢ ᠨᠠᠷ   
ᠬᠣᠲᠠᠯᠠ ᠣᠯᠠᠨ ᠳ᠋ᠤ᠌ ᠪᠠᠨ ᠴᠤᠤᠲᠠᠢᠬᠠᠨ     

ᠽᠠᠮᠪᠤᠯᠢᠩ ᠳ᠋ᠤ᠌  ᠭᠠᠭᠴᠠᠬᠠᠨ ᠨᠤᠲᠤᠭ ᠲᠤ᠌ ᠪᠠᠨ   
ᠵᠠᠶᠠᠭ᠎ᠠ  ᠨᠡᠢᠯᠡᠨ ᠦᠶᠡᠷᠬᠡᠭᠰᠡᠨ   
ᠵᠢᠷᠭᠠᠯ ᠲᠠᠢ ᠪᠤᠷᠢᠶᠠᠳ ᠤ᠋ᠨ ᠠᠶᠠᠨ ᠵᠠᠩ ᠢ᠋ᠶ᠋ᠠᠷ ᠢ᠋ᠶ᠋ᠠᠨ   
ᠵᠠᠯᠠᠭᠤ ᠨᠠᠰᠤᠨ ᠤ᠋ ᠣᠮᠣᠭ ᠪᠠᠳᠠᠷᠠᠭᠠᠭᠰᠠᠨ   
ᠰᠢᠨᠡᠬᠡᠨ ᠨᠤᠲᠤᠭ ᠲᠣᠭᠣᠨᠣᠲᠤ ᠲᠠᠢ ᠳᠠ   
ᠰᠡᠳᠬᠢᠯ ᠦ᠋ᠨ ᠠᠷᠢᠭᠤᠨ ᠬᠣᠯᠪᠣᠭ᠎ᠠ ᠲᠠᠢ ᠳᠠ   
ᠬᠣᠨᠢᠨ ᠵᠢᠯᠲᠡᠳ ᠮᠠᠨ ᠤ᠋ ᠦᠦᠷᠢ ᠨᠠᠷ   
ᠬᠣᠲᠠᠯᠠ ᠣᠯᠠᠨ ᠳ᠋ᠤ᠌ ᠪᠠᠨ ᠴᠤᠤᠲᠠᠢᠬᠠᠨ      

ᠶᠢᠰᠦᠨ ᠡᠷᠳᠡᠨᠢ ᠶ᠋ᠢᠨ ᠨᠤᠲᠤᠭ ᠲᠤ᠌ ᠪᠠᠨ   
ᠢᠷᠦᠭᠡᠯ ᠲᠠᠪᠢᠯᠠᠩ ᠢ᠋ᠶ᠋ᠠᠷ ᠤᠴᠠᠷᠠᠭᠰᠠᠨ   
ᠡᠩ ᠦᠭᠡᠢ ᠬᠠᠯᠠᠭᠤᠨ ᠬᠦᠰᠡᠯ ᠢ᠋ᠶ᠋ᠡᠷ ᠢ᠋ᠶ᠋ᠡᠨ   
ᠢᠵᠢᠯᠢ ᠨᠢᠭᠡᠨ ᠢ᠋ᠶ᠋ᠡᠨ ᠡᠷᠭᠦᠭᠰᠡᠨ   
ᠰᠢᠨᠡᠬᠡᠨ ᠨᠤᠲᠤᠭ ᠲᠣᠭᠣᠨᠣᠲᠤ ᠲᠠᠢ ᠳᠠ   
ᠰᠡᠳᠬᠢᠯ ᠦ᠋ᠨ ᠠᠷᠢᠭᠤᠨ ᠬᠣᠯᠪᠣᠭ᠎ᠠ ᠲᠠᠢ ᠳᠠ   
ᠬᠣᠨᠢᠨ ᠵᠢᠯᠲᠡᠳ ᠮᠠᠨ ᠤ᠋ ᠦᠦᠷᠢ ᠨᠠᠷ   
ᠬᠣᠲᠠᠯᠠ ᠣᠯᠠᠨ ᠳ᠋ᠤ᠌ ᠪᠠᠨ ᠴᠤᠤᠲᠠᠢᠬᠠᠨ     
ᠰᠢᠨᠡᠬᠡᠨ ᠨᠤᠲᠤᠭ ᠲᠣᠭᠣᠨᠣᠲᠤ ᠲᠠᠢ ᠳᠠ   
ᠰᠡᠳᠬᠢᠯ ᠦ᠋ᠨ ᠠᠷᠢᠭᠤᠨ ᠬᠣᠯᠪᠣᠭ᠎ᠠ ᠲᠠᠢ ᠳᠠ   
ᠬᠣᠨᠢᠨ ᠵᠢᠯᠲᠡᠳ ᠮᠠᠨ ᠤ᠋ ᠦᠦᠷᠢ ᠨᠠᠷ   
ᠬᠣᠲᠠᠯᠠ ᠣᠯᠠᠨ ᠳ᠋ᠤ᠌ ᠪᠠᠨ ᠴᠤᠤᠲᠠᠢᠬᠠᠨ    
ᠬᠣᠲᠠᠯᠠ ᠣᠯᠠᠨ ᠳ᠋ᠤ᠌ ᠪᠠᠨ ᠴᠤᠤᠲᠠᠢᠬᠠᠨ      

  ᠦᠰᠦᠭ ᠠᠮᠢᠯᠠᠭᠤᠯᠤᠭᠴᠢ᠄ ᠭᠡᠭᠡᠷᠡᠯ   
  ᠦᠰᠦᠭ ᠬᠠᠲᠠᠭᠴᠢ᠄ ᠭᠡᠭᠡᠷᠡᠯ