ᠠᠮᠤᠷ ᠪᠠᠶᠠᠰᠬᠤᠯᠠᠩ ᠤ᠋ᠨ ᠠᠶᠠᠯᠭᠤ -ᠤᠷᠢᠬᠠᠨ ᠢᠪᠡᠭᠡᠯ ᠤᠴᠠᠷᠠᠯ ᠠᠯᠲᠠᠨᠬᠢᠩᠭᠠᠨ Амар баясгалангийн аялгуу- Урьхан Ивгээл Учрал Алтангингаа
ᠠᠮᠤᠷ ᠪᠠᠶᠠᠰᠬᠤᠯᠠᠩ ᠤ᠋ᠨ ᠠᠶᠠᠯᠭᠤ
ᠦᠭᠡ᠄ ᠠᠮᠤᠷᠵᠢᠷᠭᠠᠯ
ᠠᠶ᠎ᠠ᠄ ᠳ᠋ᠤ᠌· ᠤᠯᠠᠭᠠᠨᠪᠠᠭᠠᠲᠤᠷ
ᠬᠥᠭᠵᠢᠮ ᠦ᠋ᠨ ᠨᠠᠢᠷᠠᠭᠤᠯᠤᠭᠴᠢ᠄ ᠰᠢᠨᠡᠪᠠᠶᠠᠷ
ᠳᠠᠭᠤᠴᠢᠨ᠄ ᠤᠷᠢᠬᠠᠨ᠂ ᠢᠪᠡᠭᠡᠯ᠂ ᠤᠴᠠᠷᠠᠯ᠂ ᠠᠯᠲᠠᠨᠬᠢᠩᠭᠠᠨ
ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠦ᠋ᠨ ᠬᠢᠨ᠎ᠡ ᠪᠥᠵᠢᠭ ᠬᠠᠪᠰᠤᠷᠭᠠᠨ᠎ᠠ
ᠠᠪᠤ ᠡᠵᠢ ᠬᠣᠶᠠᠷ ᠢ᠋ ᠪᠡᠨ ᠬᠠᠢᠷᠠᠯᠠᠨ ᠬᠦᠨᠳᠦᠯᠡᠵᠦ ᠳᠠᠭᠤᠯᠠᠶ᠎ᠠ ᠳᠠ
ᠠᠴᠢᠯᠠᠯ ᠡᠨᠡᠷᠢᠯ ᠦ᠋ᠨ ᠰᠡᠳᠬᠢᠯ ᠥᠨᠢᠳᠡ ᠳᠡᠯᠭᠡᠷᠡᠬᠦ ᠪᠣᠯᠲᠤᠭᠠᠢ
ᠠᠪᠢᠶᠠᠰ ᠪᠢᠯᠢᠭ ᠬᠣᠶᠠᠷ ᠢ᠋ ᠪᠠᠬᠠᠳᠤᠨ ᠱᠠᠭᠰᠢᠵᠤ ᠳᠠᠭᠤᠯᠠᠶ᠎ᠠ ᠳᠠ
ᠠᠰᠢᠳᠠ ᠪᠠᠶᠠᠨ ᠦᠢᠯᠡᠰ ᠤᠨᠳᠤᠷᠤᠨ ᠳᠡᠯᠭᠡᠷᠡᠬᠦ ᠪᠣᠯᠲᠤᠭᠠᠢ
ᠳᠠᠭᠤᠤ ᠨᠢ ᠳᠠᠭᠤᠤ ᠪᠠᠨ ᠲᠦᠷᠢᠭᠡᠳ
ᠳᠤᠮᠳᠠᠷᠠᠰᠢ ᠦᠭᠡᠢ ᠪᠠᠶᠠᠷ ᠢ᠋ᠶ᠋ᠠᠷ ᠴᠠᠯᠭᠢᠯᠠᠵᠤ ᠪᠠᠢᠭ ᠠ᠋
ᠪᠠᠶᠠᠷ ᠨᠢ ᠪᠠᠶᠠᠷ ᠢ᠋ᠶ᠋ᠠᠨ ᠵᠠᠯᠭᠠᠭᠠᠳ
ᠪᠠᠷᠠᠭᠳᠠᠰᠢ ᠦᠭᠡᠢ ᠵᠢᠷᠭᠠᠯ ᠢ᠋ᠶ᠋ᠠᠷ ᠬᠠᠯᠭᠢᠯᠠᠵᠤ ᠶᠠᠪᠤᠭ ᠠ᠋
ᠲᠠᠪᠤᠨ ᠡᠷᠳᠡᠨᠢ ᠶ᠋ᠢᠨ ᠰᠦᠷᠦᠭ ᠢ᠋ᠶ᠋ᠡᠨ ᠥᠨᠢᠷ ᠥᠰᠬᠡᠵᠦ ᠳᠠᠭᠤᠯᠠᠶ᠎ᠠ ᠳᠠ
ᠲᠠᠪᠤᠨ ᠬᠦᠴᠦ ᠲᠡᠭᠰᠢᠷᠡᠵᠦ ᠲᠠᠪᠠᠲᠠᠢ ᠵᠢᠷᠭᠠᠬᠤ ᠪᠣᠯᠲᠤᠭᠠᠢ
ᠲᠠᠪᠤᠨ ᠲᠠᠩᠰᠤᠭ ᠤ᠋ᠨ ᠳᠡᠭᠡᠵᠢ ᠪᠡᠨ ᠡᠷᠭᠦᠨ ᠳᠡᠭᠡᠵᠢᠯᠡᠵᠦ ᠳᠠᠭᠤᠯᠠᠶ᠎ᠠ ᠳᠠ
ᠲᠠᠪᠤᠨ ᠬᠦᠰᠡᠯ ᠪᠦᠷᠢᠳᠴᠦ ᠲᠡᠭᠰᠢ ᠵᠢᠷᠭᠠᠬᠤ ᠪᠣᠯᠲᠤᠭᠠᠢ
ᠳᠠᠭᠤᠤ ᠨᠢ ᠳᠠᠭᠤᠤ ᠪᠠᠨ ᠲᠦᠷᠢᠭᠡᠳ
ᠳᠤᠮᠳᠠᠷᠠᠰᠢ ᠦᠭᠡᠢ ᠪᠠᠶᠠᠷ ᠢ᠋ᠶ᠋ᠠᠷ ᠴᠠᠯᠭᠢᠯᠠᠵᠤ ᠪᠠᠢᠭ ᠠ᠋
ᠪᠠᠶᠠᠷ ᠨᠢ ᠪᠠᠶᠠᠷ ᠢ᠋ᠶ᠋ᠠᠨ ᠵᠠᠯᠭᠠᠭᠠᠳ
ᠪᠠᠷᠠᠭᠳᠠᠰᠢ ᠦᠭᠡᠢ ᠵᠢᠷᠭᠠᠯ ᠢ᠋ᠶ᠋ᠠᠷ ᠬᠠᠯᠭᠢᠯᠠᠵᠤ ᠶᠠᠪᠤᠭ ᠠ᠋
ᠠᠭᠤᠳᠠᠮ ᠡᠬᠡ ᠣᠷᠣᠨ ᠢ᠋ᠶ᠋ᠠᠨ ᠤᠶᠠᠩᠭ᠎ᠠ ᠨᠡᠮᠡᠨ ᠳᠠᠭᠤᠯᠠᠶ᠎ᠠ ᠳᠠ
ᠠᠭᠤᠯᠠ ᠲᠠᠯ᠎ᠠ ᠬᠠᠩᠭᠠᠢ ᠮᠢᠨᠢ ᠪᠡᠶᠡᠰᠦᠨ ᠴᠡᠩᠭᠡᠬᠦ ᠪᠣᠯᠲᠤᠭᠠᠢ
ᠤᠳᠤᠮ ᠰᠤᠳᠤᠷ ᠲᠡᠦᠬᠡ ᠪᠡᠨ ᠤᠳᠬ᠎ᠠ ᠲᠡᠭᠦᠯᠳᠡᠷ ᠳᠠᠭᠤᠯᠠᠶ᠎ᠠ ᠳᠠ
ᠤᠷᠤᠭ ᠤ᠋ᠨ ᠠᠯᠲᠠᠨ ᠬᠡᠯᠬᠢᠶ᠎ᠡ ᠮᠥᠩᠬᠡ ᠣᠷᠣᠰᠢᠬᠤ ᠪᠣᠯᠲᠤᠭᠠᠢ
ᠳᠠᠭᠤᠤ ᠨᠢ ᠳᠠᠭᠤᠤ ᠪᠠᠨ ᠲᠦᠷᠢᠭᠡᠳ
ᠳᠤᠮᠳᠠᠷᠠᠰᠢ ᠦᠭᠡᠢ ᠪᠠᠶᠠᠷ ᠢ᠋ᠶ᠋ᠠᠷ ᠴᠠᠯᠭᠢᠯᠠᠵᠤ ᠪᠠᠢᠭ ᠠ᠋
ᠪᠠᠶᠠᠷ ᠨᠢ ᠪᠠᠶᠠᠷ ᠢ᠋ᠶ᠋ᠠᠨ ᠵᠠᠯᠭᠠᠭᠠᠳ
ᠪᠠᠷᠠᠭᠳᠠᠰᠢ ᠦᠭᠡᠢ ᠵᠢᠷᠭᠠᠯ ᠢ᠋ᠶ᠋ᠠᠷ ᠬᠠᠯᠭᠢᠯᠠᠵᠤ ᠶᠠᠪᠤᠭ ᠠ᠋
ᠳᠠᠭᠤᠤ ᠨᠢ ᠳᠠᠭᠤᠤ ᠪᠠᠨ ᠲᠦᠷᠢᠭᠡᠳ
ᠳᠤᠮᠳᠠᠷᠠᠰᠢ ᠦᠭᠡᠢ ᠪᠠᠶᠠᠷ ᠢ᠋ᠶ᠋ᠠᠷ ᠴᠠᠯᠭᠢᠯᠠᠵᠤ ᠪᠠᠢᠭ ᠠ᠋
ᠪᠠᠶᠠᠷ ᠨᠢ ᠪᠠᠶᠠᠷ ᠢ᠋ᠶ᠋ᠠᠨ ᠵᠠᠯᠭᠠᠭᠠᠳ
ᠪᠠᠷᠠᠭᠳᠠᠰᠢ ᠦᠭᠡᠢ ᠵᠢᠷᠭᠠᠯ ᠢ᠋ᠶ᠋ᠠᠷ ᠬᠠᠯᠭᠢᠯᠠᠵᠤ ᠶᠠᠪᠤᠭ ᠠ᠋
ᠳᠤᠮᠳᠠᠷᠠᠰᠢ ᠦᠭᠡᠢ ᠪᠠᠶᠠᠷ ᠢ᠋ᠶ᠋ᠠᠷ ᠴᠠᠯᠭᠢᠯᠠᠵᠤ ᠪᠠᠢᠭ ᠠ᠋
ᠪᠠᠷᠠᠭᠳᠠᠰᠢ ᠦᠭᠡᠢ ᠵᠢᠷᠭᠠᠯ ᠢ᠋ᠶ᠋ᠠᠷ ᠬᠠᠯᠭᠢᠯᠠᠵᠤ ᠶᠠᠪᠤᠭ ᠠ᠋
ᠦᠰᠦᠭ ᠠᠮᠢᠯᠠᠭᠤᠯᠤᠭᠴᠢ᠄ ᠪᠠᠢ ᠰᠠᠷᠠᠨ᠎ᠠ
