ᠭᠤᠷᠪᠠᠨ ᠡᠵᠢ ᠶ᠋ᠢᠨ ᠨᠤᠲᠤᠭ - ᠠᠩᠭᠢᠷᠠᠭ Guravan eejiin nutag -Angirag Гураван ээжийн нутаг -Ангираг
ᠭᠤᠷᠪᠠᠨ ᠡᠵᠢ ᠶ᠋ᠢᠨ ᠨᠤᠲᠤᠭ
ᠦᠭᠡ᠄ ᠭᠡᠷᠡᠯᠴᠢᠯᠠᠭᠤ
ᠠᠶ᠎ᠠ᠄ ᠣᠳᠬᠠᠨᠪᠣᠷᠣ
ᠳᠠᠭᠤᠯᠠᠭᠰᠠᠨ ᠨᠢ᠄ ᠠᠩᠭᠢᠷᠠᠭ
ᠬᠣᠯᠠ ᠶ᠋ᠢᠨ ᠭᠠᠵᠠᠷ ᠠ᠋ᠴᠠ ᠪᠣᠳᠣᠭᠳᠠᠭᠠᠳ ᠪᠠᠢᠳᠠᠭ
ᠬᠦᠢᠲᠡᠨ ᠦ᠌ ᠰᠢᠯᠢ ᠶᠦᠮ ᠠ᠋ ᠬᠦ
ᠬᠣᠩᠭᠣᠷ ᠵᠢᠷᠦᠬᠡᠨ ᠡᠴᠡ ᠮᠢᠨᠢ ᠭᠠᠷᠳᠠᠭ ᠦᠭᠡᠢ
ᠶᠡᠬᠡ ᠮᠥᠮᠥ ᠶ᠋ᠢᠨ ᠨᠤᠲᠤᠭ ᠶᠤᠮ ᠠ᠋ ᠬᠦ
ᠠ ᠬᠠ ᠠᠨ ᠬᠠ ᠬᠦ
ᠭᠤᠷᠪᠠᠨ ᠡᠵᠢ ᠶ᠋ᠢᠨ ᠨᠤᠲᠤᠭ ᠭᠡᠭᠴᠢ
ᠰᠦᠷᠦᠭ ᠦ᠋ᠨ ᠳᠠᠯᠠᠢ ᠣᠷᠣᠨ ᠶᠤᠮ ᠰᠢᠦ
ᠠᠯᠤᠰ ᠤ᠋ᠨ ᠭᠠᠵᠠᠷ ᠠ᠋ᠴᠠ ᠰᠠᠨᠠᠭᠳᠠᠭᠠᠳ ᠪᠠᠢᠳᠠᠭ
ᠠᠷᠤ ᠶ᠋ᠢᠨ ᠬᠤᠳᠳᠤᠭ ᠶᠤᠮ ᠠ᠋ ᠬᠦ
ᠠᠶᠤᠤᠯᠢᠬᠠᠢ ᠴᠡᠭᠡᠵᠢᠨ ᠡᠴᠡ ᠮᠢᠨᠢ ᠭᠠᠷᠳᠠᠭ ᠦᠭᠡᠢ
ᠬᠦᠢ ᠮᠥᠮᠥ ᠶ᠋ᠢᠨ ᠨᠤᠲᠤᠭ ᠶᠤᠮ ᠠ᠋ ᠬᠦ
ᠠ ᠬᠠ ᠠ ᠬᠠ ᠬᠥ
ᠭᠤᠷᠪᠠᠨ ᠡᠵᠢ ᠶ᠋ᠢᠨ ᠨᠤᠲᠤᠭ ᠭᠡᠭᠴᠢ
ᠰᠠᠭᠠᠯᠢ ᠶ᠋ᠢᠨ ᠦᠨᠦᠷ ᠲᠡᠢ ᠣᠷᠣᠨ ᠶᠤᠮ ᠰᠢᠦ
ᠡᠳᠦᠷ ᠦ᠋ᠨ ᠭᠠᠵᠠᠷ ᠠ᠋ᠴᠠ ᠬᠠᠷᠠᠭᠳᠠᠭᠠᠳ ᠪᠠᠢᠳᠠᠭ
ᠤᠯᠠᠭᠠᠨ ᠲᠣᠯᠣᠭᠠᠢ ᠶ᠋ᠢᠨ ᠣᠷᠣᠢ ᠶᠤᠮ ᠠ᠋ ᠬᠦ
ᠠᠭᠤᠰᠬᠢ ᠵᠢᠷᠦᠬᠡᠨ ᠡᠴᠡ ᠮᠢᠨᠢ ᠭᠠᠷᠳᠠᠭ ᠦᠭᠡᠢ
ᠵᠢᠭᠠᠬᠠᠨ ᠨᠠᠭ᠎ᠠ ᠶ᠋ᠢᠨ ᠨᠤᠲᠤᠭ ᠶᠤᠮ ᠠ᠋ ᠬᠦ
ᠠ ᠬᠠ ᠠ ᠬᠠ ᠬᠥ
ᠭᠤᠷᠪᠠᠨ ᠡᠵᠢ ᠶ᠋ᠢᠨ ᠨᠤᠲᠤᠭ ᠭᠡᠭᠴᠢ
ᠳᠠᠭᠤᠤ ᠶ᠋ᠢᠨ ᠤᠳᠤᠮ ᠲᠠᠢ ᠣᠷᠣᠨ ᠶᠤᠮ ᠰᠢᠦ
ᠭᠤᠷᠪᠠᠨ ᠡᠵᠢ ᠶ᠋ᠢᠨ ᠨᠤᠲᠤᠭ ᠭᠡᠭᠴᠢ
ᠳᠠᠭᠤᠤ ᠶ᠋ᠢᠨ ᠤᠳᠤᠮ ᠲᠠᠢ ᠣᠷᠣᠨ ᠶᠤᠮ ᠰᠢᠦ
ᠦᠰᠦᠭ ᠠᠮᠢᠯᠠᠭᠤᠯᠤᠭᠴᠢ᠄ ᠭᠡᠷᠡᠯᠴᠢᠯᠠᠭᠤ
ᠦᠰᠦᠭ ᠬᠠᠲᠠᠭᠴᠢ᠄ ᠪᠠᠢ·ᠰᠠᠷᠠᠨ᠎ᠠ
ᠦᠰᠦᠭ ᠬᠢᠨᠠᠭᠠᠴᠢ᠄ ᠲᠣᠳᠣᠭᠡᠷᠡᠯ᠂ ᠭᠡᠷᠡᠯᠴᠢᠯᠠᠭᠤ
