ᠥᠯᠥᠭᠡᠢ ᠨᠤᠲᠤᠭ ᠪᠣᠷᠣᠲᠣᠯᠣᠭᠠᠢ -ᠠᠮᠤᠷᠵᠢᠷᠭᠠᠯ Ölgii nutag bortolgoi-AmarjargalӨлгий нутаг бортолгой-Амаржаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠯᠥᠭᠡᠢ ᠨᠤᠲᠤᠭ ᠪᠣᠷᠣᠲᠣᠯᠣᠭᠠᠢ -ᠠᠮᠤᠷᠵᠢᠷᠭᠠᠯ Ölgii nutag bortolgoi-AmarjargalӨлгий нутаг бортолгой-Амаржаргал

ᠥᠯᠥᠭᠡᠢ ᠨᠤᠲᠤᠭ ᠪᠣᠷᠣᠲᠣᠯᠣᠭᠠᠢ -ᠠᠮᠤᠷᠵᠢᠷᠭᠠᠯ Ölgii nutag bortolgoi-AmarjargalӨлгий нутаг бортолгой-Амаржаргал

ᠠᠩᠭᠢᠯᠠᠯ:ᠳᠠᠭᠤᠤ ᠬᠥᠭᠵᠢᠮ
2026-03-09

877

ᠥᠯᠥᠭᠡᠢ ᠨᠤᠲᠤᠭ ᠪᠣᠷᠣᠲᠣᠯᠣᠭᠠᠢ


   ᠦᠭᠡ᠄ ᠽᠠᠨᠳᠠᠨ᠎ᠠ  
   ᠠᠶ᠎ᠠ᠄   ᠪᠠᠶᠠᠨᠴᠡᠩᠭᠡᠯ 
   ᠬᠥᠭᠵᠢᠮ᠄ ᠪᠠᠳᠠᠷᠠᠩᠭᠤᠢ 
   ᠳᠠᠭᠤᠴᠢᠨ᠄ ᠠᠮᠤᠷᠵᠢᠷᠭᠠᠯ 

ᠠᠯᠤᠰ ᠤ᠋ᠨ ᠭᠠᠵᠠᠷ ᠠ᠋ᠴᠠ ᠡᠷᠢᠭᠳᠡᠭᠡᠳ ᠬᠦ 
ᠡᠵᠢ ᠠᠪᠤ ᠶ᠋ᠢᠨ ᠨᠤᠲᠤᠭ ᠰᠢᠦ ᠠᠢ ᠬᠦ 

ᠪᠠᠷᠠᠭᠠᠨ ᠤ᠋ ᠭᠠᠵᠠᠷ ᠠ᠋ᠴᠠ ᠰᠦᠨᠳᠡᠷᠯᠡᠭᠡᠳ ᠪᠠᠢᠳᠠᠭ ᠪᠣᠷᠤᠲᠣᠯᠤᠭᠠᠢ ᠬᠦ 
ᠪᠤᠶᠠᠨ ᠬᠡᠰᠢᠭ ᠢ᠋ᠶ᠋ᠡᠨ ᠬᠤᠷᠤᠢᠯᠠᠨ ᠳᠠᠯᠠᠯᠤᠭᠰᠠᠨ ᠰᠢᠲᠦᠭᠡᠨ ᠣᠪᠣᠭ᠎ᠠ ᠬᠦ 
ᠪᠣᠳᠣᠯ ᠤ᠋ᠨ ᠭᠦᠨ ᠡᠴᠡ ᠪᠣᠳᠣᠭᠳᠠᠭᠠᠳ ᠪᠠᠢᠳᠠᠭ ᠬᠥᠬᠡᠨᠠᠭᠤᠷ ᠬᠦ 
ᠪᠠᠭ᠎ᠠ ᠶ᠋ᠢᠨ ᠨᠠᠰᠤᠨ ᠤ᠋ ᠰᠠᠢᠬᠠᠨ ᠳᠤᠷᠠᠳᠬᠠᠯᠲᠥ ᠭᠠᠵᠠᠷ ᠤᠰᠤ ᠠ᠋ 

ᠵᠠᠭᠤᠨ ᠤ᠋ ᠭᠠᠵᠠᠷ ᠠ᠋ᠴᠠ ᠬᠥᠬᠡᠷᠡᠭᠡᠳ ᠪᠠᠢᠳᠠᠭ ᠤᠯᠠᠭᠠᠨ ᠥᠨᠳᠥᠷ ᠬᠦ
ᠵᠡᠭᠡᠷ᠎ᠡ ᠲᠣᠭᠯᠠᠨ ᠵᠡᠷᠭᠡᠯᠭᠡᠨ ᠲᠠᠲᠠᠭᠰᠠᠨ ᠰᠢᠯᠢ ᠶ᠋ᠢᠨ ᠪᠡᠯᠴᠢᠭᠡᠷ ᠬᠦ
ᠵᠡᠭᠦᠳᠦᠨ ᠳᠣᠲᠣᠷ᠎ᠠ ᠬᠣᠨᠣᠭᠰᠢᠭᠠᠳ ᠪᠠᠢᠳᠠᠭ ᠬᠠᠷᠠᠩᠭᠤᠢ ᠶ᠋ᠢᠨ ᠨᠤᠷ᠎ᠠ ᠬᠦ 
 ᠵᠢᠭᠠᠬᠠᠨ ᠨᠠᠰᠤᠨ ᠤ᠋ ᠨᠠᠭᠠᠳᠤᠮ ᠳᠠᠭᠤᠤ ᠲᠠᠢ ᠭᠠᠵᠠᠷ ᠤᠰᠤ ᠠ᠋

ᠣᠨ ᠣᠨ ᠢ᠋ᠶ᠋ᠠᠷ ᠳᠠᠬᠢᠭᠠᠳ ᠢᠷᠡᠭᠰᠡᠨ ᠠᠷᠯᠠᠢ   ᠶ᠋ᠢᠨ ᠰᠦᠮ᠎ᠡ ᠬᠦ
ᠥᠨᠢ ᠮᠥᠩᠬᠡ ᠶ᠋ᠢᠨ ᠲᠡᠦᠬᠡ  ᠶᠠᠷᠢᠭᠰᠠᠨ ᠰᠦᠵᠦᠭᠲᠦ ᠣᠷᠣᠨ ᠬᠦ
ᠤᠳᠠᠬᠤ ᠶ᠋ᠢᠨ ᠲᠣᠭ᠎ᠠ ᠪᠠᠷ ᠡᠷᠢᠭᠳᠡᠭᠡᠳ  ᠪᠠᠢᠳᠠᠭ ᠦᠨᠡᠭᠡᠴᠢ ᠶ᠋ᠢᠨ ᠮᠠᠩᠬ᠎ᠠ ᠬᠦ
ᠤᠨᠠᠭᠠᠨ ᠨᠠᠰᠤᠨ ᠤ᠋ ᠦᠯᠢᠭᠡᠷ ᠳᠣᠮᠣᠭ ᠲᠠᠢ ᠭᠠᠵᠠᠷ ᠤᠰᠤ ᠠ᠋

ᠰᠠᠷ᠎ᠠ ᠶ᠋ᠢᠨ ᠭᠠᠵᠠᠷ ᠠ᠋ᠴᠠ ᠪᠦᠷᠦᠯᠵᠡᠭᠡᠳ  ᠪᠠᠢᠳᠠᠭ ᠤᠭᠵᠢᠮ ᠤ᠋ᠨ ᠣᠷᠣᠢ ᠬᠦ
ᠰᠦᠷᠦᠭ ᠮᠠᠯ ᠤ᠋ᠨ ᠪᠡᠯᠴᠢᠭᠡᠷ  ᠪᠣᠯᠤᠭᠰᠠᠨ ᠰᠠᠢᠬᠠᠨ ᠨᠤᠲᠤᠭ ᠬᠦ
ᠰᠠᠨᠠᠭ᠎ᠠ ᠪᠣᠳᠣᠯ ᠳ᠋ᠤ᠌ ᠰᠠᠨᠠᠭᠳᠠᠭᠠᠳ ᠪᠠᠢᠳᠠᠭ ᠨᠦᠬᠡᠨ ᠭᠡᠷ ᠬᠦ
ᠰᠡᠭᠰᠡᠭᠡᠷ ᠪᠠᠭ᠎ᠠ ᠶ᠋ᠢᠨ ᠤᠬᠢᠯᠠᠵᠤ ᠥᠰᠦᠭᠰᠡᠨ ᠭᠠᠵᠠᠷ ᠤᠰᠤ ᠠ᠋
ᠰᠡᠭᠰᠡᠭᠡᠷ ᠪᠠᠭ᠎ᠠ ᠶ᠋ᠢᠨ ᠤᠬᠢᠯᠠᠵᠤ ᠥᠰᠦᠭᠰᠡᠨ ᠭᠠᠵᠠᠷ ᠤᠰᠤ ᠠ᠋

  ᠦᠰᠦᠭ ᠠᠮᠢᠯᠠᠭᠤᠯᠤᠭᠴᠢ᠄ ᠪᠤᠯᠠᠭ
  ᠦᠰᠦᠭ ᠬᠠᠳᠠᠭᠴᠢ᠄ ᠪᠠᠢ᠂ ᠰᠠᠷᠠᠨ᠎ᠠ