ᠤᠬᠠᠭᠠᠷᠠᠵᠤ ᠡᠳ᠋ᠯᠡᠭᠡ ᠦᠭᠡᠢ ᠬᠠᠢᠷ᠎ᠠ -ᠦᠷᠴᠠᠶ᠋ᠢᠬᠤ Ukhaarch edleegüi khair--ÜrtsaikhuУхаарч эдлээгүй хайр--Үрцайху
ᠤᠬᠠᠭᠠᠷᠠᠵᠤ ᠡᠳ᠋ᠯᠡᠭᠡ ᠦᠭᠡᠢ ᠬᠠᠢᠷ᠎ᠠ
ᠦᠭᠡ᠄ ᠳᠠᠮᠤᠷᠪᠣᠯᠣᠳ
ᠠᠶ᠎ᠠ᠄ ᠲᠣ᠊· ᠬᠤᠷᠴᠠᠪᠠᠭᠠᠲᠤᠷ
ᠳᠠᠭᠤᠴᠢᠨ᠄ ᠦᠷᠴᠠᠶ᠋ᠢᠬᠤ
ᠠᠲᠠᠨ ᠲᠡᠮᠡᠭᠡᠨ ᠦ᠌ ᠠᠯᠬᠤᠭᠠᠨ ᠳ᠋ᠤ᠌
ᠠᠮᠢᠳᠤᠷᠠᠯ ᠲᠤᠭᠤᠯᠭ᠎ᠠ ᠲᠠ ᠮᠢᠨᠢ
ᠥᠯᠮᠡᠢ ᠬᠥᠰᠢᠭᠰᠡᠨ ᠪᠡᠯᠴᠢᠭᠡᠷ ᠲᠦ᠍
ᠡᠳᠦᠷ ᠦ᠋ᠨ ᠪᠠᠷ᠎ᠠ ᠶ᠋ᠢ ᠥᠲᠡᠯ᠎ᠡ
ᠠᠯᠤᠰᠬᠠᠨ ᠲᠡᠨᠳᠡ ᠪᠡᠨ ᠦᠵᠡᠭᠳᠡᠭᠡᠳ
ᠠᠮᠢᠳᠤᠷᠠᠯ ᠳ᠋ᠤ᠌ ᠤᠢᠳᠤᠭ᠎ᠠ ᠦᠭᠡᠢ ᠠᠪᠤ ᠮᠢᠨᠢ
ᠠᠭᠤᠰᠴᠤ ᠭᠦᠢᠴᠡᠭᠡ ᠦᠭᠡᠢ ᠬᠠᠢᠷ᠎ᠠ ᠶ᠋ᠢ ᠴᠢᠨᠢ
ᠤᠬᠠᠭᠠᠷᠠᠴᠤ ᠡᠳ᠋ᠯᠡᠭᠡ ᠦᠭᠡᠢ ᠬᠦᠦ ᠴᠢᠨᠢ ᠳᠡ ᠪᠢ
ᠬᠦᠰᠡᠭᠰᠡᠨ ᠰᠠᠨᠠᠭᠠᠨ ᠳ᠋ᠠᠭᠠᠨ ᠬᠦᠷᠦᠨ᠎ᠡ ᠭᠡᠵᠦ
ᠬᠦᠯᠦᠭ ᠦ᠋ᠨ ᠨᠢᠷᠤᠭᠤᠨ ᠳ᠋ᠤ᠌ ᠵᠢᠭᠠᠯ᠎ᠠ
ᠬᠥᠮᠦᠨ ᠰᠢᠭ ᠶᠠᠪᠤᠬᠤ ᠶ᠋ᠢᠨ ᠵᠦᠢ ᠪᠡᠷ ᠢ᠋ᠶ᠋ᠡᠨ
ᠬᠦᠦ ᠶ᠋ᠢᠨ ᠢ᠋ᠶ᠋ᠡᠨ ᠤᠬᠠᠭᠠᠨ ᠢ᠋ ᠰᠡᠯᠪᠢᠯᠡ
ᠠᠯᠤᠰᠬᠠᠨ ᠲᠡᠨᠳᠡ ᠪᠡᠨ ᠦᠵᠡᠭᠳᠡᠭᠡᠳ
ᠠᠮᠢᠳᠤᠷᠠᠯ ᠳ᠋ᠤ᠌ ᠤᠢᠳᠤᠭ᠎ᠠ ᠦᠭᠡᠢ ᠠᠪᠤ ᠮᠢᠨᠢ
ᠠᠭᠤᠰᠴᠤ ᠭᠦᠢᠴᠡᠭᠡ ᠦᠭᠡᠢ ᠬᠠᠢᠷ᠎ᠠ ᠶ᠋ᠢ ᠴᠢᠨᠢ
ᠤᠬᠠᠭᠠᠷᠠᠴᠤ ᠡᠳ᠋ᠯᠡᠭᠡ ᠦᠭᠡᠢ ᠬᠦᠦ ᠴᠢᠨᠢ ᠳᠡ ᠪᠢ
ᠦᠷ᠎ᠡ ᠳ᠋ᠡᠭᠡᠨ ᠬᠠᠢᠷ᠎ᠠ ᠪᠠᠨ ᠣᠷᠬᠢᠭᠠᠳ
ᠦᠵᠦᠭᠦᠷ ᠬᠣᠯᠠ ᠶᠠᠪᠤᠯ᠎ᠠ
ᠥᠷᠥᠭᠡᠰᠦᠨ ᠬᠠᠢᠷ᠎ᠠ ᠳᠡᠭᠡᠷ᠎ᠡ ᠥᠰᠬᠦ
ᠦᠯᠡᠮᠵᠢ ᠶ᠋ᠢᠨ ᠭᠤᠨᠢᠭ ᠢ᠋ ᠲᠠᠨᠢᠯ᠎ᠠ
ᠠᠯᠤᠰᠬᠠᠨ ᠲᠡᠨᠳᠡ ᠪᠡᠨ ᠦᠵᠡᠭᠳᠡᠭᠡᠳ
ᠠᠮᠢᠳᠤᠷᠠᠯ ᠳ᠋ᠤ᠌ ᠤᠢᠳᠤᠭ᠎ᠠ ᠦᠭᠡᠢ ᠠᠪᠤ ᠮᠢᠨᠢ
ᠠᠭᠤᠰᠴᠤ ᠭᠦᠢᠴᠡᠭᠡ ᠦᠭᠡᠢ ᠬᠠᠢᠷ᠎ᠠ ᠶ᠋ᠢ ᠴᠢᠨᠢ
ᠤᠬᠠᠭᠠᠷᠠᠴᠤ ᠡᠳ᠋ᠯᠡᠭᠡ ᠦᠭᠡᠢ ᠬᠦᠦ ᠴᠢᠨᠢ ᠳᠡ ᠪᠢ
ᠠᠯᠤᠰᠬᠠᠨ ᠲᠡᠨᠳᠡ ᠪᠡᠨ ᠦᠵᠡᠭᠳᠡᠭᠡᠳ
ᠠᠮᠢᠳᠤᠷᠠᠯ ᠳ᠋ᠤ᠌ ᠤᠢᠳᠤᠭ᠎ᠠ ᠦᠭᠡᠢ ᠠᠪᠤ ᠮᠢᠨᠢ
ᠠᠭᠤᠰᠴᠤ ᠭᠦᠢᠴᠡᠭᠡ ᠦᠭᠡᠢ ᠬᠠᠢᠷ᠎ᠠ ᠶ᠋ᠢ ᠴᠢᠨᠢ
ᠤᠬᠠᠭᠠᠷᠠᠴᠤ ᠡᠳ᠋ᠯᠡᠭᠡ ᠦᠭᠡᠢ ᠬᠦᠦ ᠴᠢᠨᠢ ᠳᠡ ᠪᠢ
ᠦᠰᠦᠭ ᠠᠮᠢᠯᠠᠭᠤᠯᠤᠭᠴᠢ᠂ ᠦᠰᠦᠭ ᠬᠠᠳᠠᠭᠴᠢ᠄ ᠪᠠᠢ ᠰᠠᠷᠠᠨ᠎ᠠ
