ᠬᠥᠮᠦᠨ ᠵᠠᠶᠠᠭᠠᠨ ᠤ᠋ ᠥᠯᠥᠭᠡᠢ-ᠳ ᠰᠤᠰᠤᠷᠪᠠᠷᠠᠮХүн заяаны өлгий-Д.Сосорбарам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠵᠠᠶᠠᠭᠠᠨ ᠤ᠋ ᠥᠯᠥᠭᠡᠢ-ᠳ ᠰᠤᠰᠤᠷᠪᠠᠷᠠᠮХүн заяаны өлгий-Д.Сосорбарам

ᠬᠥᠮᠦᠨ ᠵᠠᠶᠠᠭᠠᠨ ᠤ᠋ ᠥᠯᠥᠭᠡᠢ-ᠳ ᠰᠤᠰᠤᠷᠪᠠᠷᠠᠮХүн заяаны өлгий-Д.Сосорбарам

ᠠᠩᠭᠢᠯᠠᠯ:ᠳᠠᠭᠤᠤ ᠬᠥᠭᠵᠢᠮ
2022-11-01

704

ᠬᠥᠮᠦᠨ ᠵᠠᠶᠠᠭᠠᠨ ᠤ᠋ ᠥᠯᠥᠭᠡᠢ


     ᠦᠭᠡ᠄ ᠳ• ᠰᠤᠰᠤᠷᠪᠠᠷᠠᠮ 
     ᠠᠶ᠎ᠠ᠄ ᠰ• ᠡᠩᠬᠡᠲᠠᠢᠪᠤᠩ 
     ᠳᠠᠭᠤᠴᠢᠨ᠄ ᠳ•ᠰᠤᠰᠤᠷᠪᠠᠷᠠᠮ 

ᠤᠷᠲᠤ ᠶ᠋ᠢᠨ ᠳᠠᠭᠤᠨ ᠤ᠋ ᠲᠠᠩᠰᠤᠭ ᠠᠶᠠᠯᠭᠤ 
ᠲᠠᠯ᠎ᠠ ᠪᠠᠨ ᠳᠦᠭᠦᠷᠦᠭᠡᠳ ᠯᠡ ᠰᠢᠷᠤᠩᠬᠠᠢᠯᠠᠨ᠎ᠠ 
ᠤᠬᠠᠭᠠᠨᠲᠤ ᠡᠵᠢ ᠨᠦ᠍ᠭᠦᠳ ᠦ᠋ᠨ ᠠᠮᠤᠭᠤᠯᠠᠩ ᠬᠠᠷᠠᠴᠠ 
ᠲᠠᠩᠬᠢᠯᠬᠠᠨ ᠦᠷᠡᠰ ᠢ᠋ᠶ᠋ᠡᠨ ᠠᠷᠭᠠᠳᠠᠭᠠᠰᠤᠲᠠᠢ ᠶᠠ 
ᠠᠷᠭᠠᠯ ᠤ᠋ᠨ ᠤᠲᠤᠭᠠᠨ ᠳ᠋ᠠᠭᠠᠨ ᠠᠷᠢᠭᠤᠰᠳᠠᠭ ᠬᠤᠯᠠᠨ ᠳ᠋ᠤ᠌ ᠰᠦ ᠲᠡᠢ ᠭᠣᠪᠢ ᠮᠢᠨᠦ 
ᠠᠳᠤᠭᠤᠨ ᠤ᠋ ᠬᠡᠢᠮᠣᠷᠢ ᠪᠠᠷ ᠬᠦᠭᠯᠡᠭᠳᠡᠳᠡᠭ ᠬᠤᠭᠤᠷ ᠤ᠋ᠨ ᠴᠡᠩᠬᠡᠷ ᠬᠠᠩᠭᠠᠢ ᠮᠢᠨᠦ᠃

ᠠᠵᠢᠨᠠᠢ ᠬᠦᠯᠦᠭ ᠦ᠋ᠨ ᠣᠮᠣᠭᠯᠠᠩ ᠲᠦᠪᠡᠷᠭᠡᠨ
ᠠᠭᠤᠳᠠᠮ ᠬᠥᠨᠳᠡᠢ ᠶ᠋ᠢ ᠯᠡ ᠳᠣᠷᠭᠢᠭᠤᠯᠤᠨ᠎ᠠ
ᠠᠴᠢᠯᠠᠯᠲᠤ ᠠᠪᠤ ᠨᠤᠭᠤᠳ ᠤ᠋ᠨ ᠡᠷᠡᠮᠡᠬᠡᠢ ᠵᠠᠩ
ᠤᠬᠠᠭᠠᠨ ᠤ᠋ ᠮᠢᠨᠢ ᠴᠢᠭᠲᠠᠭ᠎ᠠ ᠶ᠋ᠢ ᠯᠡ ᠪᠥᠬᠡᠯᠡᠨ᠎ᠡ
ᠨᠣᠮᠢᠨ ᠵᠡᠷᠭᠡᠯᠭᠡ ᠨᠢ ᠲᠤᠨᠤᠷᠠᠨ ᠳᠠᠬᠢ ᠶ᠋ᠢᠨ ᠤᠨᠠᠭ᠎ᠠ ᠦᠦᠷᠰᠡᠭᠰᠡᠨ ᠭᠣᠪᠢ ᠮᠢᠨᠦ
ᠪᠤᠭᠤ ᠶ᠋ᠢᠨ ᠤᠷᠤᠮᠳᠠᠭᠠᠨ ᠳ᠋ᠠᠭᠠᠨ ᠤᠶᠠᠰᠳᠠᠭ ᠪᠤᠶᠠᠨ ᠨᠢ ᠳᠡᠯᠭᠡᠷᠡᠭᠦᠬᠡᠨ ᠬᠠᠩᠭᠠᠢ ᠮᠢᠨᠦ᠃

ᠳᠡᠪᠡᠯ ᠲᠡᠢ ᠪᠡᠨ ᠳᠠᠪᠬᠢᠭᠰᠠᠨ ᠮᠢᠨᠦ ᠡᠪᠦᠭᠡᠳ
ᠳᠡᠷᠭᠡᠳᠡ ᠪᠡᠨ ᠮᠣᠷᠢ ᠪᠠᠨ ᠴᠤᠯᠪᠤᠭᠤᠷᠳᠠᠵᠤ
ᠳᠡᠷᠡᠨ ᠳ᠋ᠡᠭᠡᠨ ᠰᠡᠯᠡᠮ᠎ᠡ ᠲᠡᠢ ᠲᠤᠭ ᠬᠢᠬᠦ ᠳ᠋ᠡᠭᠡᠨ
ᠳᠡᠯᠡᠬᠡᠢ ᠪᠡᠨ ᠪᠣᠳᠣᠯ ᠳᠣᠲᠣᠷ᠎ᠠ ᠪᠠᠨ ᠭᠡᠷ ᠰᠢᠭ ᠢ᠋ᠶ᠋ᠡᠨ ᠠᠴᠢᠶᠠᠯᠠᠵᠤ
ᠠᠯᠠᠭᠠᠨ ᠳᠣᠲᠣᠷ᠎ᠠ ᠪᠠᠨ ᠬᠥᠬᠦᠦᠷ ᠰᠢᠭ ᠢ᠋ᠶ᠋ᠡᠨ ᠡᠷᠭᠢᠭᠦᠯᠵᠦ
ᠡᠬᠡ ᠮᠣᠩᠭᠣᠯ ᠬᠡᠯᠡ ᠪᠡᠷ ᠢ᠋ᠶ᠋ᠡᠨ ᠠᠮᠤᠷ ᠠᠮᠤᠭᠤᠯᠠᠩ ᠢ᠋ ᠡᠷᠢᠵᠦ ᠳᠠᠪᠬᠢᠭᠰᠠᠨ ᠶᠤᠮ
ᠳᠡᠪᠡᠯ ᠲᠡᠢ ᠪᠡᠨ ᠮᠠᠨᠳᠤᠭᠰᠠᠨ ᠮᠢᠨᠦ ᠡᠪᠦᠭᠡᠳ ᠳᠡᠷᠭᠡᠳᠡ ᠪᠡᠨ ᠮᠣᠷᠢ ᠪᠠᠨ ᠠᠷᠭᠠᠮᠵᠢᠵᠤ
ᠳᠡᠷᠡᠨ ᠳ᠋ᠡᠭᠡᠨ ᠨᠣᠮ ᠲᠠᠢ ᠲᠤᠭ ᠬᠢᠬᠦ ᠳ᠋ᠡᠭᠡᠨ
ᠳᠡᠯᠡᠬᠡᠢ ᠪᠡᠨ ᠪᠣᠳᠣᠯ ᠳᠣᠲᠣᠷ᠎ᠠ ᠪᠠᠨ ᠭᠡᠷ ᠰᠢᠭ ᠢ᠋ᠶ᠋ᠡᠨ ᠪᠠᠷᠢᠵᠤ
ᠠᠯᠠᠭᠠᠨ ᠳᠣᠲᠣᠷ᠎ᠠ ᠪᠠᠨ ᠠᠶᠠᠭ᠎ᠠ ᠰᠢᠭ᠋ ᠢ᠋ᠶ᠋ᠡᠨ ᠬᠣᠷᠭᠣᠯᠠᠵᠤ
ᠡᠯᠢᠭᠡ ᠮᠣᠩᠭᠣᠯ ᠰᠤᠤ ᠪᠠᠷ ᠢ᠋ᠶ᠋ᠠᠨ ᠡᠩᠬᠡ ᠠᠮᠤᠭᠤᠯᠠᠩ ᠳ᠋ᠤ᠌ ᠵᠣᠯᠭᠠᠭᠤᠯᠵᠤ ᠮᠠᠨᠳᠤᠭᠰᠠᠨ ᠶᠤᠮ᠃

ᠶᠡᠬᠡᠰ ᠳᠡᠭᠡᠳᠦᠰ ᠦ᠋ᠨ ᠭᠡᠭᠡᠨ ᠦᠢᠯᠡᠰ
ᠳᠤᠮᠳᠠᠷᠠᠰᠢ ᠦᠭᠡᠢ ᠳᠣᠮᠣᠭ ᠨᠢ ᠬᠣᠷᠸ᠎ᠠ ᠪᠢᠰᠢᠷᠡᠨ᠎ᠡ
ᠡᠴᠢᠭᠡ ᠡᠪᠦᠭᠡᠳ ᠦ᠋ᠨ ᠮᠢᠨᠢ ᠮᠥᠩᠬᠡ ᠶ᠋ᠢᠨ ᠲᠠᠪᠢᠯᠠᠩ
ᠳᠡᠯᠡᠬᠡᠢ ᠶ᠋ᠢᠨ ᠳᠡᠭᠡᠪᠦᠷ ᠲᠦ᠍ ᠠᠭᠠᠷᠬᠠᠨ᠎ᠠ
ᠵᠢᠷᠦᠬᠡ ᠰᠡᠳᠬᠢᠯ ᠣᠮᠣᠭᠰᠢᠭᠤᠯᠤᠨ ᠵᠦᠢᠳᠡᠯ ᠦᠭᠡᠢ ᠲᠩᠷᠢ ᠶ᠋ᠢᠨ ᠳᠣᠣᠷ᠎ᠠ ᠮᠥᠩᠬᠡᠷᠡᠨ᠎ᠡ
ᠬᠦᠯᠦᠭ ᠦ᠋ᠨ ᠲᠤᠭᠤᠷᠠᠢ ᠶ᠋ᠢᠨ ᠳᠣᠣᠷ᠎ᠠ ᠡᠩᠬᠡᠵᠢᠭᠰᠡᠨ ᠬᠥᠮᠦᠨ ᠵᠠᠶᠠᠭᠠᠨ ᠤ᠋ ᠥᠯᠥᠭᠡᠢ ᠮᠢᠨᠦ
ᠵᠢᠷᠦᠬᠡ ᠰᠡᠳᠬᠢᠯ ᠣᠮᠣᠭᠰᠢᠭᠤᠯᠤᠨ ᠵᠦᠢᠳᠡᠯ ᠦᠭᠡᠢ ᠲᠩᠷᠢ ᠶ᠋ᠢᠨ ᠳᠣᠣᠷ᠎ᠠ ᠮᠥᠩᠬᠡᠷᠡᠨ᠎ᠡ
ᠬᠦᠯᠦᠭ ᠦ᠋ᠨ ᠲᠤᠭᠤᠷᠠᠢ ᠶ᠋ᠢᠨ ᠳᠣᠣᠷ᠎ᠠ ᠡᠩᠬᠡᠵᠢᠭᠰᠡᠨ ᠬᠥᠮᠦᠨ ᠵᠠᠶᠠᠭᠠᠨ ᠤ᠋ ᠥᠯᠥᠭᠡᠢ ᠮᠢᠨᠦ
ᠬᠥᠮᠦᠨ ᠵᠠᠶᠠᠭᠠᠨ ᠤ᠋ ᠥᠯᠥᠭᠡᠢ ᠮᠢᠨᠦ᠃

     ᠦᠰᠦᠭ ᠠᠮᠢᠯᠠᠭᠤᠯᠤᠭᠴᠢ᠄ ᠤᠤᠭᠠᠨᠵᠢᠳ
     ᠬᠢᠨᠠᠭᠴᠢ᠄ ᠮᠡᠷᠭᠡᠨᠪᠢᠯᠢᠭ