ᠳᠡᠭᠦᠯᠢᠯᠲᠡ -ᠬᠠᠢᠴᠢᠩᠰᠢᠪᠠᠭᠤ 《ᠵᠠᠭᠠᠨ 》ᠬᠠᠮᠲᠤᠯᠢᠭДүүлэлт-Хайчиншивуу“Заан ”хамтлаг
ᠳᠡᠭᠦᠯᠢᠯᠲᠡ
ᠬᠥᠭᠵᠢᠮ ᠦ᠋ᠨ ᠨᠠᠢᠷᠠᠭᠤᠯᠤᠭᠴᠢ᠄ ᠦᠢᠯᠡᠰ
ᠭᠤᠷᠪᠠᠨ ᠤᠲᠠᠰᠤᠲᠤ ᠬᠤᠭᠤᠷ᠄ ᠡᠤ ᠬᠠᠨ ᠯᠢᠦ᠂ ᠦᠨᠡᠨᠴᠢ᠂ ᠪᠤᠤ ᠰᠢᠶᠣᠤ ᠾᠦᠢ᠂ ᠠᠭᠤᠳᠠᠮ
ᠤᠷᠲᠤ ᠶ᠋ᠢᠨ ᠳᠠᠭᠤᠤ᠄ ᠨᠠᠨᠳᠢᠨ᠂ ᠷᠠᠰᠢᠶᠠᠨ
ᠶᠡᠬᠡ ᠮᠣᠷᠢᠨ ᠬᠤᠭᠤᠷ᠄ ᠲᠠᠯ᠎ᠠ᠂ ᠨᠠᠮᠤᠷ
ᠳᠠᠭᠤᠴᠢᠨ᠄ ᠬᠠᠢᠴᠢᠩᠰᠢᠪᠠᠭᠤ《 ᠵᠠᠭᠠᠨ》 ᠬᠠᠮᠲᠤᠯᠢᠭ
ᠡᠨᠡ ᠮᠣᠷᠢ ᠭᠡᠳᠡᠭ ᠴᠢᠨᠢ
ᠡᠩ ᠦ᠋ᠨ ᠮᠣᠷᠢ ᠲᠠᠢ ᠲᠠᠭᠠᠷᠠᠬᠤ ᠦᠭᠡᠢ
ᠡᠷᠳᠡᠨᠢ ᠶ᠋ᠢᠨ ᠲᠠᠮᠠᠭᠠᠨ ᠡᠷᠭᠢᠯᠭᠡ ᠲᠡᠢ
ᠡᠰᠡᠷᠸ᠎ᠠ ᠳᠡᠭᠡᠷ᠎ᠡ ᠪᠡᠨ ᠮᠠᠨᠳᠠᠯ ᠲᠠᠢ
ᠵᠥᠪᠲᠡᠢ ᠪᠤᠷᠤᠭᠤᠲᠠᠢ ᠡᠷᠭᠢᠯᠭᠡ ᠲᠡᠢ
ᠵᠡᠪᠡ ᠰᠤᠮᠤᠨ ᠮᠠᠨᠵᠢᠯᠭ᠎ᠠ ᠲᠠᠢ
ᠵᠡᠷᠯᠢᠭ ᠢᠷᠪᠢᠰ ᠦ᠋ᠨ ᠭᠦᠶᠦᠳᠡᠯ ᠲᠡᠢ
ᠵᠢᠭᠦᠷᠲᠡᠨ ᠰᠢᠪᠠᠭᠤᠨ ᠤ᠋ ᠠᠮᠢᠰᠬᠤᠯ ᠲᠠᠢ
ᠲᠤᠩ ᠡᠷᠳᠡᠨᠢ ᠶ᠋ᠢᠨ ᠰᠢᠲᠦ ᠲᠡᠢ
ᠳᠤᠷᠠᠨ ᠬᠣᠶᠠᠷ ᠨᠢᠳᠦ ᠲᠡᠢ
ᠮᠠᠲᠠᠷ ᠵᠢᠭᠠᠰᠤᠨ ᠤ᠋ ᠬᠠᠮᠠᠷ ᠲᠠᠢ
ᠮᠠᠨᠳᠤᠮᠠᠯ ᠰᠠᠷᠠᠨ ᠮᠠᠩᠨᠠᠢ ᠲᠠᠢ
ᠬᠦᠷᠡᠩ ᠭᠠᠷᠤᠳᠢ ᠶ᠋ᠢᠨ ᠲᠣᠯᠣᠭᠠᠢ ᠲᠠᠢ
ᠬᠥᠬᠡ ᠠᠷᠰᠯᠠᠨ ᠤ᠋ ᠬᠦᠵᠦᠭᠦᠦ ᠲᠡᠢ
ᠬᠦᠴᠦᠲᠦ ᠪᠠᠷᠰ ᠤ᠋ᠨ ᠴᠡᠭᠡᠵᠢ ᠲᠡᠢ
ᠬᠦᠳᠡᠷ ᠵᠠᠭᠠᠨ ᠤ᠋ ᠨᠢᠷᠤᠭᠤ ᠲᠠᠢ
ᠴᠠᠭᠠᠨ ᠵᠡᠭᠡᠷ᠎ᠡ ᠶ᠋ᠢᠨ ᠰᠢᠯᠪᠢ ᠲᠡᠢ
ᠴᠠ ᠪᠤᠭᠤ ᠶ᠋ᠢᠨ ᠪᠣᠷᠪᠢ ᠲᠠᠢ
ᠲᠠᠢᠭ᠎ᠠ ᠨᠣᠬᠠᠢ ᠶ᠋ᠢᠨ ᠭᠡᠳᠡᠰᠦ ᠲᠡᠢ
ᠲᠠᠯᠪᠢᠭᠤ ᠲᠣᠮᠣ ᠪᠡᠶ᠎ᠡ ᠲᠡᠢ
ᠠᠵᠠᠷᠭ᠎ᠠ ᠬᠤᠢᠪᠢ ᠪᠠᠷ ᠪᠠᠢᠳᠠᠭ ᠦᠭᠡᠢ
ᠣᠳᠤᠯᠭ᠎ᠠ ᠰᠠᠩ ᠢ᠋ᠶ᠋ᠠᠷ ᠪᠠᠢᠳᠠᠭ
ᠰᠠᠯᠬᠢ ᠵᠢᠪᠠᠷ ᠢ᠋ᠶ᠋ᠠᠷ ᠢᠷᠡᠳᠡᠭ ᠦᠭᠡᠢ
ᠰᠠᠩ ᠤᠳᠤᠯᠭ᠎ᠠ ᠪᠠᠷ ᠢᠷᠡᠳᠡᠭ
ᠬᠠᠷᠠᠵᠠ ᠪᠤᠯᠠᠭ ᠤ᠋ᠨ ᠤᠰᠤ ᠶ᠋ᠢ
ᠬᠠᠨᠣᠳᠠᠯᠡ ᠤᠤᠭᠤᠵᠤ ᠲᠣᠷᠨᠢᠭᠰᠠᠨ
ᠬᠠᠩᠭᠠᠢ ᠰᠢᠯᠢ ᠶ᠋ᠢᠨ ᠳᠡᠨᠵᠢᠨ ᠳᠡᠭᠡᠷ᠎ᠡ
ᠬᠠᠯᠭᠢᠯᠠᠨ ᠪᠤᠯᠭᠢᠯᠠᠨ ᠪᠣᠢᠵᠢᠭᠰᠠᠨ
ᠬᠥᠬᠡ ᠲᠣᠷᠭᠠᠨ ᠲᠠᠯ᠎ᠠ ᠳᠡᠭᠡᠷ᠎ᠡ
ᠬᠥᠷᠪᠡᠨ ᠪᠠᠢᠵᠤ ᠥᠰᠦᠭᠰᠡᠨ
ᠬᠥᠨᠳᠡᠢ ᠶ᠋ᠢᠨ ᠭᠥᠷᠥᠭᠡᠰᠦ ᠲᠡᠢ
ᠤᠷᠤᠯᠳᠤᠵᠤ ᠪᠠᠢᠵᠤ ᠴᠣᠭᠣᠷᠣᠭᠰᠠᠨ
ᠬᠥᠮᠦᠨ ᠦ᠌ ᠭᠠᠵᠠᠷ ᠶᠠᠪᠤᠬᠤ ᠳ᠋ᠤ᠌
ᠬᠦᠯᠦᠭ ᠪᠣᠯᠤᠭᠰᠠᠨ ᠵᠢᠷᠣᠭ᠎ᠠ
ᠬᠠᠶᠠᠭᠠᠨ ᠠ᠋ᠴᠠ ᠪᠠᠨ ᠤᠨᠤᠬᠤ ᠳ᠋ᠤ᠌
ᠬᠠᠩᠭᠢᠨᠠᠮ᠎ᠠ ᠵᠢᠷᠣᠭ᠎ᠠ ᠶᠤᠮ
ᠬᠠᠷᠢ ᠶ᠋ᠢᠨ ᠭᠠᠵᠠᠷ ᠤᠨᠤᠬᠤ ᠳ᠋ᠤ᠌
ᠬᠠᠨᠢ ᠪᠣᠯᠤᠭᠰᠠᠨ ᠵᠢᠷᠣᠭ᠎ᠠ
ᠬᠠᠷᠴᠠᠭᠠᠢ ᠰᠢᠪᠠᠭᠤ ᠰᠢᠭ᠋
ᠬᠠᠯᠬᠢᠵᠢᠭᠤᠯᠤᠭᠰᠠᠨ ᠵᠢᠷᠣᠭ᠎ᠠ
ᠬᠠᠨᠳᠠᠭᠠᠢ ᠰᠤᠭᠤ ᠰᠢᠭ᠋
ᠬᠠᠷᠪᠤᠭᠰᠠᠨ ᠵᠢᠷᠣᠭ᠎ᠠ
ᠬᠠᠢᠷᠠᠲᠠᠢ ᠬᠥᠮᠦᠨ ᠳ᠋ᠦ᠍ ᠪᠡᠨ
ᠬᠠᠮᠠᠭᠠᠯᠠᠯ ᠪᠣᠯᠤᠭᠰᠠᠨ ᠵᠢᠷᠣᠭ᠎ᠠ
ᠬᠣᠣᠷᠲᠠᠨ ᠳᠠᠢᠰᠤᠨ ᠳ᠋ᠤ᠌
ᠳᠠᠷᠤᠯᠭ᠎ᠠ ᠪᠣᠯᠤᠭᠰᠠᠨ ᠵᠢᠷᠣᠭ᠎ᠠ
ᠣᠯᠠᠨ ᠲᠦᠮᠡᠨ ᠳ᠋ᠦ᠍ ᠪᠡᠨ
ᠣᠨᠣᠯᠭ᠎ᠠ ᠪᠣᠯᠤᠭᠰᠠᠨ ᠵᠢᠷᠣᠭ᠎ᠠ
ᠬᠥᠪᠳᠥ ᠠᠭᠢ ᠳᠠᠭᠠᠨ᠎ᠠ
ᠭᠤᠷᠪᠠᠨ ᠢᠳᠡᠰᠢ ᠲᠡᠢ
ᠬᠦᠷᠬᠢᠷ᠎ᠡ ᠬᠠᠷᠠᠵᠠ ᠪᠤᠯᠠᠭ
ᠭᠤᠷᠪᠠᠨ ᠤᠮᠳᠠᠭᠠᠨ ᠲᠠᠢ
ᠬᠦᠢᠲᠡᠨ ᠰᠡᠷᠢᠭᠦᠨ ᠵᠢᠪᠠᠷ
ᠭᠤᠷᠪᠠᠨ ᠰᠣᠢᠯᠭ᠎ᠠ ᠲᠠᠢ
ᠬᠥᠲᠥᠯ ᠬᠥᠨᠳᠡᠢ ᠲᠠᠯ᠎ᠠ
ᠭᠤᠷᠪᠠᠨ ᠭᠦᠶᠦᠳᠡᠯ ᠲᠡᠢ
ᠬᠥᠨᠲᠥᠷᠦᠭᠡ ᠳᠤᠭᠲᠤᠷᠤᠭᠠ ᠱᠤᠩᠭᠤᠭᠠ
ᠭᠤᠷᠪᠠᠨ ᠤᠨᠴᠡᠯᠢᠭ᠋ ᠲᠡᠢ
ᠬᠦᠴᠦ ᠵᠣᠷᠢᠭ ᠳᠠᠭᠠᠭᠠᠴᠠ
ᠭᠤᠷᠪᠠᠨ ᠢᠳᠡ ᠲᠡᠢ
ᠬᠥᠪᠦᠨ ᠨᠢᠰᠬᠦ ᠳᠡᠭᠦᠯᠢᠬᠦ
ᠭᠤᠷᠪᠠᠨ ᠤᠪᠠᠳᠢᠰ ᠲᠠᠢ
ᠬᠥᠳᠡᠯᠮᠦᠷᠢᠴᠢ ᠤᠶᠠᠭᠠᠴᠢᠨ ᠤ᠋
ᠬᠤᠯᠠᠨ ᠴᠢᠬᠢᠲᠦ ᠴᠣᠯᠠ ᠲᠠᠢ
ᠦᠰᠦᠭ ᠠᠮᠢᠠᠭᠤᠯᠤᠬᠴᠢ᠄ ᠰᠡᠴᠡᠨᠬᠡᠷᠡᠯ
ᠦᠰᠦᠭ ᠬᠠᠲᠠᠭᠴᠢ᠄ ᠰᠡᠴᠡᠨᠭᠡᠷᠡᠯ
ᠬᠢᠨᠠᠭᠴᠢ ᠪᠠᠭᠰᠢ᠄ ᠠᠯᠲᠠᠨᠴᠡᠴᠡᠭ
