ᠮᠣᠩᠭᠣᠯ ᠮᠣᠷᠢ -ᠳᠣᠲᠣᠨᠣ᠂ ᠮᠡᠷᠭᠡᠨ᠂ ᠤᠴᠠᠷᠠᠯ᠂ᠴᠡᠩᠭᠡᠯᠲᠡᠢ᠂ ᠰᠣᠶᠣᠯᠡᠷᠳᠡᠨᠢМонгол морь-Дотно,Мэргэн,Учрал,Цэнгэлтэй,Соёлээрдэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠮᠣᠷᠢ -ᠳᠣᠲᠣᠨᠣ᠂ ᠮᠡᠷᠭᠡᠨ᠂ ᠤᠴᠠᠷᠠᠯ᠂ᠴᠡᠩᠭᠡᠯᠲᠡᠢ᠂ ᠰᠣᠶᠣᠯᠡᠷᠳᠡᠨᠢМонгол морь-Дотно,Мэргэн,Учрал,Цэнгэлтэй,Соёлээрдэн

ᠮᠣᠩᠭᠣᠯ ᠮᠣᠷᠢ -ᠳᠣᠲᠣᠨᠣ᠂ ᠮᠡᠷᠭᠡᠨ᠂ ᠤᠴᠠᠷᠠᠯ᠂ᠴᠡᠩᠭᠡᠯᠲᠡᠢ᠂ ᠰᠣᠶᠣᠯᠡᠷᠳᠡᠨᠢМонгол морь-Дотно,Мэргэн,Учрал,Цэнгэлтэй,Соёлээрдэн

ᠠᠩᠭᠢᠯᠠᠯ:ᠳᠠᠭᠤᠤ ᠬᠥᠭᠵᠢᠮ
2026-03-06

273

ᠮᠣᠩᠭᠣᠯ ᠮᠣᠷᠢ


     ᠦᠭᠡ᠄ ᠴᠡᠩᠭᠡᠯᠲᠡᠢ 
     ᠠᠶ᠎ᠠ᠄ ᠳᠣᠲᠣᠨᠣ 
     ᠳᠠᠭᠤᠴᠢᠨ᠄ ᠳᠣᠲᠣᠨᠣ ᠮᠡᠷᠭᠡᠨ ᠤᠴᠠᠷᠠᠯ ᠴᠡᠩᠭᠡᠯᠲᠡᠢ ᠰᠤᠶᠤᠯᠡᠷᠳᠡᠨᠢ 

 ᠭᠠᠯ ᠤᠰᠤᠨ ᠠ᠋ᠴᠠ ᠨᠢ ᠪᠤᠴᠠᠰᠢ ᠦᠭᠡᠢ  
 ᠭᠠᠵᠠᠷ ᠤ᠋ᠨ ᠬᠣᠯᠠ ᠳ᠋ᠤ᠌ ᠪᠠᠨ ᠴᠤᠴᠠᠰᠢ ᠦᠭᠡᠢ 
 ᠭᠠᠴᠢᠭ ᠵᠤᠳ ᠲᠤ᠌ ᠡᠴᠡᠰᠢ ᠦᠭᠡᠢ 
 ᠭᠠᠩ ᠲᠤᠭᠤᠷᠠᠢ ᠨᠢ ᠮᠣᠬᠣᠰᠢ ᠦᠭᠡᠢ 
 ᠡᠷᠡᠯᠬᠡᠭ ᠵᠣᠷᠢᠭ ᠨᠢ ᠰᠡᠵᠢᠭᠯᠡᠰᠢ ᠦᠭᠡᠢ 
 ᠡᠷᠴᠢ ᠬᠦᠴᠦᠨ ᠨᠢ ᠳᠤᠨᠳᠠᠷᠠᠰᠢ ᠦᠭᠡᠢ 
 ᠡᠵᠡᠨ ᠳ᠋ᠦ᠍ ᠪᠡᠨ ᠡᠭᠡᠯᠢᠲᠡᠢ ᠨᠢ ᠠᠳᠠᠯᠢᠳᠬᠠᠰᠢ ᠦᠭᠡᠢ 
 ᠡᠬᠡ ᠨᠤᠲᠤᠭ ᠢ᠋ᠶ᠋ᠠᠨ ᠮᠠᠷᠲᠠᠰᠢ ᠦᠭᠡᠢ 
 ᠠᠢ ᠮᠣᠷᠢ ᠮᠢᠨᠢ ᠬᠦ 
 ᠳᠥᠷᠪᠡᠨ ᠲᠢᠪ ᠢ᠋ ᠲᠠᠮᠠᠭᠠᠯᠠᠵᠤ ᠳᠠᠪᠬᠢᠭᠰᠠᠨ
 ᠵᠧ ᠬᠦᠯᠦᠭ ᠮᠢᠨᠢ
 ᠲᠦᠮᠡᠨ ᠦ᠌ ᠨᠠᠭᠠᠳᠤᠮ ᠳ᠋ᠤ᠌ ᠲᠡᠷᠢᠭᠦᠯᠡᠵᠦ ᠳᠠᠪᠬᠢᠭᠰᠠᠨ᠃

 ᠲᠥᠷᠥᠭᠰᠡᠨ ᠨᠤᠲᠤᠭ ᠤ᠋ᠨ ᠢ᠋ᠶ᠋ᠠᠨ ᠠᠯᠳᠠᠷ ᠢ᠋
 ᠠᠷᠠᠳ ᠢ᠋ᠶ᠋ᠠᠨ ᠪᠠᠶᠠᠰᠬᠠᠨ ᠳᠠᠭᠤᠳᠠᠭᠤᠯᠤᠭᠰᠠᠨ
 ᠲᠦᠮᠡᠨ ᠦ᠌ ᠡᠬᠢ ᠴᠣᠯᠠ ᠪᠠᠨ
 ᠠᠢᠷᠠᠭ ᠨᠠᠢᠷᠠᠭ ᠢ᠋ᠶ᠋ᠠᠷ ᠮᠢᠯᠢᠶᠠᠯᠭᠠᠭᠰᠠᠨ
 ᠳᠠᠶᠠᠭᠠᠷ ᠣᠯᠠᠨ ᠳ᠋ᠤ᠌ ᠪᠠᠨ ᠱᠠᠭᠰᠢᠭᠳᠠᠭᠰᠠᠨ
 ᠲᠠᠢᠷ ᠪᠣᠷᠣ ᠶ᠋ᠢᠨ ᠤᠳᠤᠮ
 ᠳᠡᠯᠡᠬᠡᠢ ᠶ᠋ᠢᠨ ᠳᠣᠮᠣᠭ ᠳᠠᠢᠴᠢᠨ ᠮᠣᠩᠭᠣᠯ ᠮᠣᠷᠢ ᠮᠢᠨᠢ ᠳᠡ
 ᠬᠤᠢᠪᠢ ᠳᠠᠭᠠᠵᠤ ᠬᠤᠢᠬᠠᠷᠠᠳᠠᠭ ᠨᠢ
 ᠤᠷᠭ᠎ᠠ ᠶ᠋ᠢᠨ ᠮᠣᠷᠢᠨ ᠤ᠋ ᠢᠳᠠᠮ
 ᠬᠣᠶᠠᠷ ᠨᠠᠷᠠᠨ ᠳ᠋ᠤ᠌ ᠴᠤᠴᠠᠯ ᠦᠭᠡᠢ
 ᠬᠣᠯᠠᠴᠢ ᠮᠣᠷᠢᠨ ᠤ᠋ ᠰᠢᠨᠳᠠᠰᠤ
 ᠬᠥᠯᠯᠡᠵᠦ ᠵᠣᠭᠰᠣᠭ᠎ᠠ ᠲᠥᠷᠥᠳᠡᠭ ᠨᠢ
 ᠬᠣᠷᠸ᠎ᠠ ᠳ᠋ᠤ᠌ ᠬᠣᠣᠰ ᠦᠭᠡᠢ ᠭᠡᠳᠡᠭ
 ᠬᠥᠩᠭᠡᠨ ᠬᠥᠯᠲᠦ ᠠᠳᠤᠭᠤᠳ ᠮᠢᠨᠢ
 ᠬᠥᠳᠡᠭᠡ ᠲᠠᠯ᠎ᠠ ᠶ᠋ᠢᠨ ᠬᠡᠢᠮᠣᠷᠢ᠃

 ᠠᠢ ᠮᠣᠷᠢ ᠮᠢᠨᠢ ᠬᠦ
 ᠲᠣᠷᠭᠠᠨ ᠵᠠᠮ ᠢ᠋ ᠨᠡᠭᠡᠭᠡᠵᠦ ᠳᠠᠪᠬᠢᠭᠰᠠᠨ
 ᠵᠧ ᠬᠦᠯᠦᠭ ᠮᠢᠨᠢ
 ᠲᠠᠯ᠎ᠠ ᠶ᠋ᠢᠨ ᠰᠠᠯᠬᠢ ᠶ᠋ᠢ ᠬᠠᠭᠠᠯᠵᠤ ᠳᠠᠪᠬᠢᠭᠰᠠᠨ᠃

 ᠬᠠᠷᠰᠢ ᠪᠠᠷᠲᠠᠭ᠎ᠠ ᠳ᠋ᠤ᠌ ᠲᠣᠷᠤᠰᠢ ᠦᠭᠡᠢ
 ᠬᠠᠯᠭᠢᠮ᠎ᠠ ᠵᠢᠷᠣᠭ᠎ᠠ ᠪᠠᠨ ᠠᠯᠳᠠᠰᠢ ᠦᠭᠡᠢ
 ᠬᠣᠨᠢᠨ ᠬᠦᠯᠦᠭ ᠴᠥᠬᠥᠷᠡᠰᠢ ᠦᠭᠡᠢ
 ᠬᠤᠯᠠᠨ ᠴᠢᠬᠢᠲᠦ ᠰᠢᠨᠲᠠᠷᠠᠰᠢ ᠦᠭᠡᠢ᠃

 ᠬᠡᠭᠡᠷ᠎ᠡ ᠲᠠᠯ᠎ᠠ ᠳᠡᠭᠡᠷ᠎ᠡ ᠬᠤᠢᠯᠠᠷᠠᠵᠤ ᠪᠠᠢᠭ᠎ᠠ ᠨᠢ
 ᠴᠢᠨᠳᠠᠮᠤᠨᠢ ᠨᠡᠷ᠎ᠡ ᠲᠡᠢ ᠲᠠᠮᠠᠭ᠎ᠠ ᠶᠤᠮ ᠤᠤ
 ᠬᠢᠯᠢᠩ ᠲᠣᠷᠭᠠᠨ ᠵᠦᠰᠦᠮ ᠪᠦᠷᠢᠳᠦᠭᠰᠡᠨ
 ᠬᠢᠯᠢ ᠶ᠋ᠢᠨ ᠴᠢᠮᠡᠭ ᠶᠦᠮ ᠤᠤ
 ᠬᠡᠢᠮᠣᠷᠢ ᠨᠡᠷ᠎ᠡ ᠲᠡᠢ ᠠᠵᠢᠨᠠᠢ
 ᠬᠥᠳᠡᠭᠡ ᠨᠤᠲᠤᠭ ᠤ᠋ᠨ ᠡᠵᠡᠨ ᠰᠢᠦ ᠳᠡ
 ᠳᠠᠭᠤᠯᠠᠳᠠᠭ ᠰᠢᠦ ᠳᠤᠷᠠᠰᠳᠠᠭ ᠰᠢᠦ
 ᠭᠡᠬᠦ ᠳ᠋ᠦ᠍ ᠪᠡᠨ ᠮᠠᠨ ᠤ᠋ ᠲᠦᠷᠦᠭᠦᠯᠡᠵᠦ ᠢᠷᠡᠳᠡᠭ ᠰᠢᠦ᠃

 ᠠᠢ ᠮᠣᠷᠢ ᠮᠢᠨᠢ ᠬᠦ
 ᠳᠥᠷᠪᠡᠨ ᠲᠢᠪ ᠢ᠋ ᠲᠠᠮᠠᠭᠠᠯᠠᠵᠤ ᠳᠠᠪᠬᠢᠭᠰᠠᠨ
 ᠵᠧ ᠬᠦᠯᠦᠭ ᠮᠣᠷᠢ
 ᠲᠦᠮᠡᠨ ᠦ᠌ ᠨᠠᠭᠠᠳᠤᠮ ᠳ᠋ᠤ᠌ ᠲᠡᠷᠢᠭᠦᠯᠡᠵᠦ ᠳᠠᠪᠬᠢᠭᠰᠠᠨ
 ᠠᠢ ᠮᠣᠷᠢ ᠮᠢᠨᠢ ᠬᠦ
 ᠲᠣᠷᠭᠠᠨ ᠵᠠᠮ ᠢ᠋ ᠨᠡᠭᠡᠭᠡᠵᠦ ᠳᠠᠪᠬᠢᠭᠰᠠᠨ
 ᠵᠧ ᠬᠦᠯᠦᠭ ᠮᠢᠨᠢ
 ᠲᠠᠯ᠎ᠠ ᠶ᠋ᠢᠨ ᠰᠠᠯᠬᠢ ᠶ᠋ᠢ ᠬᠠᠭᠠᠯᠵᠤ ᠳᠠᠪᠬᠢᠭᠰᠠᠨ
 ᠲᠠᠯ᠎ᠠ ᠶ᠋ᠢᠨ ᠰᠠᠯᠬᠢ ᠶ᠋ᠢ ᠬᠠᠭᠠᠯᠵᠤ ᠳᠠᠪᠬᠢᠭᠰᠠᠨ᠃

     ᠦᠰᠦᠭ ᠠᠮᠢᠯᠠᠭᠤᠯᠤᠭᠴᠢ᠄ ᠤᠤᠭᠠᠨᠵᠢᠳ
     ᠬᠢᠨᠠᠭᠴᠢ᠄ ᠮᠡᠷᠭᠡᠨᠪᠢᠯᠢᠭ