ᠡᠵᠢ ᠠᠪᠤ ᠪᠠᠨ ᠰᠠᠨᠠᠨ᠎ᠠ ᠳᠠ -ᠬᠥᠭᠵᠢᠯᠪᠠᠭᠠᠲᠤᠷ᠂ᠳᠡᠯᠭᠡᠷᠴᠡᠴᠡᠭЭэж ааваа санана да-Хөгжлбаатар,Дэлгэрцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠠᠪᠤ ᠪᠠᠨ ᠰᠠᠨᠠᠨ᠎ᠠ ᠳᠠ -ᠬᠥᠭᠵᠢᠯᠪᠠᠭᠠᠲᠤᠷ᠂ᠳᠡᠯᠭᠡᠷᠴᠡᠴᠡᠭЭэж ааваа санана да-Хөгжлбаатар,Дэлгэрцэцэг

ᠡᠵᠢ ᠠᠪᠤ ᠪᠠᠨ ᠰᠠᠨᠠᠨ᠎ᠠ ᠳᠠ -ᠬᠥᠭᠵᠢᠯᠪᠠᠭᠠᠲᠤᠷ᠂ᠳᠡᠯᠭᠡᠷᠴᠡᠴᠡᠭЭэж ааваа санана да-Хөгжлбаатар,Дэлгэрцэцэг

ᠠᠩᠭᠢᠯᠠᠯ:ᠳᠠᠭᠤᠤ ᠬᠥᠭᠵᠢᠮ
2026-03-06

1239

ᠡᠵᠢ ᠠᠪᠤ ᠪᠠᠨ ᠰᠠᠨᠠᠨ᠎ᠠ ᠳᠠ


        ᠦᠭᠡ᠄ ᠪᠢᠯᠢᠭ᠌ᠪᠠᠭᠠᠲᠤᠷ 
        ᠠᠶ᠎ᠠ᠄ ᠬᠥᠭᠵᠢᠯᠪᠠᠭᠠᠲᠤᠷ 
        ᠳᠠᠭᠤᠴᠢᠨ᠄ ᠬᠥᠭᠵᠢᠯᠪᠠᠭᠠᠲᠤᠷ᠂ ᠳᠡᠯᠭᠡᠷᠴᠡᠴᠡᠭ 

 ᠨᠠᠷᠠ ᠨᠢ ᠤᠷᠭᠤᠬᠤ ᠲᠠᠯ᠎ᠠ ᠨᠢ ᠰᠠᠷᠠᠭᠤᠯᠰᠢᠬᠤ ᠨᠤᠲᠤᠭ  ᠠ᠋ᠴᠠ 
 ᠨᠠᠰᠤᠲᠠᠢ ᠪᠤᠭᠤᠷᠤᠯ ᠡᠵᠢ  ᠶ᠋ᠢᠨ ᠮᠢᠨᠢ ᠦᠨᠦᠷ ᠠᠩᠬᠢᠯᠤᠨ᠎ᠠ 
 ᠨᠠᠮᠤᠷ  ᠤ᠋ᠨ ᠬᠡᠨᠵᠡᠷᠡᠵᠦ ᠤᠶᠠᠬᠠᠨ ᠰᠡᠳᠬᠢᠯ ᠡᠮᠵᠡᠭᠯᠡᠬᠦ ᠴᠠᠭ  ᠢ᠋ᠶ᠋ᠠᠷ 
 ᠨᠠᠨᠳᠢᠨ ᠲᠡᠷᠯᠢᠭ  ᠦ᠋ᠨ ᠬᠢᠨᠢ ᠡᠪᠦᠷ ᠪᠣᠳᠣᠭᠳᠠᠨ᠎ᠠ 

 ᠣᠷᠴᠢᠯᠠᠩ  ᠢ᠋ ᠲᠤᠭᠤᠯᠬᠤ  ᠳ᠋ᠤ᠌ ᠵᠢᠷᠦᠬᠡᠨ  ᠳ᠋ᠦ᠍ ᠬᠡᠷᠡᠯᠳᠦᠬᠦ 
 ᠤᠬᠠᠭᠠᠨᠲᠤ ᠡᠵᠢ  ᠶ᠋ᠢᠨ ᠮᠢᠨᠢ ᠡᠷᠬᠢᠮ ᠵᠠᠬᠢᠶᠠᠰᠤ  ᠲᠠᠢ 
 ᠲᠣᠮᠣᠭᠠᠵᠢᠬᠤ ᠲᠣᠰᠤᠮ  ᠢ᠋ᠶ᠋ᠠᠨ ᠬᠠᠢᠷ᠎ᠠ ᠡᠨᠡᠷᠢᠯ  ᠢ᠋ ᠨᠢ ᠰᠠᠨᠠᠭᠠᠳ 
 ᠳᠠᠭᠤᠯᠠᠵᠤ ᠯᠠ ᠶᠠᠪᠤᠨ᠎ᠠ ᠳᠠ ᠦᠷ᠎ᠡ ᠴᠢᠨᠢ

 ᠠᠳᠤᠭᠤ ᠦᠦᠷᠰᠡᠵᠦ ᠠᠭᠤᠯᠠᠰ ᠥᠨᠳᠡᠯᠵᠡᠬᠦ ᠬᠣᠯᠠ  ᠠ᠋ᠴᠠ
 ᠠᠴᠢᠯᠠᠯ ᠳᠦᠭᠦᠷᠡᠩ ᠠᠪᠤ  ᠶ᠋ᠢᠨ ᠮᠢᠨᠢ ᠬᠥᠯᠥᠰᠥ ᠬᠠᠩᠬᠤᠯᠤᠨ᠎ᠠ
 ᠬᠠᠵᠠᠭᠠᠷ ᠱᠠᠷᠬᠢᠵᠤ ᠬᠤᠷᠳᠤᠨ ᠮᠣᠷᠢ  ᠲᠠᠢ ᠬᠠᠲᠠᠷᠢᠭᠤᠯᠬᠤ ᠦᠶ᠎ᠡ  ᠪᠡᠷ
 ᠬᠠᠯᠠᠭᠤᠬᠠᠨ ᠬᠠᠢᠷ᠎ᠠ  ᠶ᠋ᠢᠨ ᠬᠢᠨᠢ ᠨᠥᠮᠥᠷᠢ ᠰᠠᠨᠠᠭᠳᠠᠨ᠎ᠠ

 ᠬᠣᠷᠸ᠎ᠠ  ᠶ᠋ᠢ ᠲᠤᠭᠤᠯᠬᠤ  ᠳ᠋ᠤ᠌ ᠵᠢᠷᠦᠬᠡᠨ  ᠳ᠋ᠦ᠍ ᠬᠡᠷᠡᠯᠳᠦᠬᠦ
 ᠬᠠᠢᠷᠠᠲᠠᠢ ᠠᠪᠤ  ᠶ᠋ᠢᠨ ᠮᠢᠨᠢ ᠠᠭᠤᠤ ᠰᠤᠷᠭᠠᠯ  ᠲᠠᠢ
 ᠤᠬᠠᠭᠠᠵᠢᠬᠤ ᠲᠣᠰᠤᠮ  ᠢ᠋ᠶ᠋ᠠᠨ ᠠᠴᠢ ᠪᠤᠶᠠᠨ  ᠢ᠋ ᠨᠢ ᠪᠣᠳᠣᠭᠠᠳ
 ᠤᠶᠠᠷᠠᠵᠤ ᠯᠠ ᠶᠠᠪᠤᠨ᠎ᠠ ᠳᠠ ᠬᠦᠦ ᠴᠢᠨᠢ

 ᠠᠢᠷᠠᠭ ᠴᠠᠯᠭᠢᠵᠤ ᠨᠠᠢᠷᠠᠭ ᠣᠨᠳᠣᠷᠤᠭᠰᠠᠨ ᠨᠤᠲᠤᠭ  ᠲᠤ᠌  ᠪᠠᠨ
 ᠠᠪᠤ ᠡᠵᠢ ᠬᠣᠶᠠᠷ  ᠢ᠋  ᠪᠡᠨ ᠵᠣᠷᠢᠭᠠᠳ ᠣᠴᠢᠨ᠎ᠠ ᠳᠠ 
 ᠪᠦᠪᠡᠢ ᠡᠭᠡᠰᠢᠭᠯᠡᠵᠦ ᠴᠠᠭᠠᠨ ᠰᠦ ᠢᠪᠢᠯᠬᠦ ᠴᠠᠭ  ᠢ᠋ᠶ᠋ᠠᠷ
 ᠪᠤᠭᠤᠷᠤᠯ ᠬᠣᠶᠠᠷ  ᠲᠤ᠌  ᠪᠠᠨ ᠦᠨᠦᠰᠦᠭᠦᠯᠵᠦ ᠵᠢᠷᠭᠠᠨ᠎ᠠ ᠳᠠ 

 ᠽᠠᠨᠪᠤᠯᠢᠩ  ᠢ᠋ ᠲᠤᠭᠤᠯᠬᠤ  ᠳ᠋ᠤ᠌ ᠵᠢᠷᠦᠬᠡᠨ  ᠳ᠋ᠦ᠍ ᠬᠡᠷᠡᠯᠳᠦᠬᠦ
 ᠵᠢᠷᠭᠠᠯᠲᠠᠢ ᠠᠮᠢᠳᠤᠷᠠᠯ  ᠤ᠋ᠨ ᠥᠭᠭᠦᠭᠡᠵᠢ ᠬᠡᠰᠢᠭ  ᠲᠡᠢ
 ᠠᠰᠠᠷᠠᠯ  ᠤ᠋ᠨ ᠳᠡᠭᠡᠳᠦ ᠠᠪᠤ ᠡᠵᠢ  ᠶ᠋ᠢ  ᠪᠡᠨ ᠠᠴᠢᠯᠠᠭᠠᠳ
 ᠠᠵᠠ ᠵᠢᠷᠭᠠᠯ  ᠢ᠋ ᠡᠳ᠋ᠯᠡᠭᠦᠯᠵᠦ ᠶᠠᠪᠤᠨ᠎ᠠ ᠳᠠ 
        ᠳᠠᠬᠢᠯᠲᠠ

       ᠦᠰᠦᠭ ᠠᠮᠢᠯᠠᠭᠤᠯᠤᠭᠴᠢ᠄ ᠠᠯᠲᠠᠨᠴᠢᠮᠡᠭ