ᠰᠠᠢᠬᠠᠨ ᠳᠠ -ᠤᠷᠠᠨᠰᠦ᠋ᠬᠡ Saikhan da-UransükhСайхан да-Урансүх
ᠰᠠᠢᠬᠠᠨ ᠳ᠋ᠡ
ᠦᠭᠡ ᠠᠶ᠎ᠠ᠄ ᠤᠷᠠᠨᠰᠦ᠋ᠬᠡ
ᠳᠠᠭᠤᠴᠢᠨ᠄ ᠤᠷᠠᠨᠰᠦ᠋ᠬᠡ
ᠤᠷᠭ᠎ᠠ ᠶ᠋ᠢᠨ ᠦᠵᠦᠭᠦᠷ ᠨᠢ ᠰᠠᠯᠬᠢᠨ ᠳ᠋ᠤ᠌ ᠨᠠᠢᠭᠤᠨ᠎ᠠ ᠳ᠋ᠡ
ᠤᠨᠠᠭ᠎ᠠ ᠶ᠋ᠢᠨ ᠬᠦᠵᠦᠭᠦᠨ ᠦ᠌ ᠬᠣᠩᠬᠣ ᠨᠢ ᠰᠠᠵᠢᠯᠠᠨ᠎ᠠ ᠳ᠋ᠡ
ᠤᠷᠲᠤ ᠶ᠋ᠢᠨ ᠳᠠᠭᠤᠤ ᠨᠢ ᠠᠭᠤᠯᠠ ᠶ᠋ᠢ ᠳᠠᠪᠠᠭᠠᠳ ᠳ᠋ᠡ
ᠤᠭᠤᠷᠠᠭ ᠰᠦ᠋ ᠶ᠋ᠢᠨ ᠦᠨᠦᠷ ᠨᠢ ᠰᠠᠢᠬᠠᠨ ᠳ᠋ᠡ
ᠬᠣᠩᠭᠣᠷ ᠪᠦᠰᠡᠭᠦᠢ ᠮᠢᠨᠢ ᠳᠠᠭᠤᠤ ᠪᠠᠨ ᠳᠠᠭᠤᠯᠠᠨ᠎ᠠ ᠳ᠋ᠡ
ᠬᠤᠷᠠᠭ᠎ᠠ ᠢᠰᠢᠭᠡ ᠨᠢ ᠴᠠᠭᠠᠨ᠎ᠠ ᠨᠢ ᠮᠠᠢᠯᠠᠨᠠ ᠳ᠋ᠡ
ᠬᠤᠭᠤᠷ ᠤ᠋ᠨ ᠡᠬᠡᠰᠢᠭ ᠠᠭᠤᠯᠠ ᠶ᠋ᠢ ᠳᠠᠪᠠᠭᠠᠳ ᠳ᠋ᠡ
ᠬᠤᠷᠤᠳ ᠲᠠᠢ ᠴᠠᠢ ᠶ᠋ᠢᠨ ᠠᠮᠲᠠ ᠨᠢ ᠰᠠᠢᠬᠠᠨ ᠳ᠋ᠡ
ᠰᠠᠢᠬᠠᠨ ᠳ᠋ᠡ ᠰᠠᠢᠬᠠᠨ ᠳ᠋ᠡ ᠰᠠᠢᠬᠠᠨ ᠳ᠋ᠡ
ᠰᠠᠢᠬᠠᠨ ᠳ᠋ᠡ ᠰᠠᠢᠬᠠᠨ ᠳ᠋ᠡ ᠰᠠᠢᠬᠠᠨ ᠳ᠋ᠡ ᠃
ᠷᠠᠰᠢᠶᠠᠨ ᠪᠤᠯᠠᠭ ᠨᠢ ᠠᠭᠤᠯᠠ ᠠ᠋ᠴᠠ ᠤᠷᠤᠰᠤᠨ᠎ᠠ ᠳ᠋ᠡ
ᠠᠳᠤᠭᠤᠨ ᠰᠦᠷᠦᠭ ᠨᠢ ᠴᠠᠭᠠᠨ᠎ᠠ ᠨᠢ ᠪᠡᠯᠴᠢᠨ᠎ᠡ ᠳ᠋ᠡ
ᠠᠶᠠᠨ ᠤ᠋ ᠰᠢᠪᠠᠭᠤᠳ ᠨᠢ ᠨᠡᠭᠦᠳᠡᠯ ᠳ᠋ᠦ᠍ ᠪᠡᠨ ᠪᠠᠭᠤᠯ᠎ᠠ ᠳ᠋ᠡ
ᠠᠶᠠᠳᠠᠭᠤᠬᠠᠨ ᠦᠳᠡᠰᠢ ᠶ᠋ᠢᠨ ᠲᠤᠶᠠᠭ᠎ᠠ ᠨᠢ ᠰᠠᠢᠬᠠᠨ ᠳ᠋ᠡ
ᠰᠠᠢᠬᠠᠨ ᠳ᠋ᠡ ᠰᠠᠢᠬᠠᠨ ᠳ᠋ᠡ ᠰᠠᠢᠬᠠᠨ ᠳ᠋ᠡ
ᠰᠠᠢᠬᠠᠨ ᠳ᠋ᠡ ᠰᠠᠢᠬᠠᠨ ᠳ᠋ᠡ ᠰᠠᠢᠬᠠᠨ ᠳ᠋ᠡ
ᠰᠠᠢᠬᠠᠨ ᠳ᠋ᠡ ᠰᠠᠢᠬᠠᠨ ᠳ᠋ᠡ ᠰᠠᠢᠬᠠᠨ ᠳ᠋ᠡ
ᠰᠠᠢᠬᠠᠨ ᠳ᠋ᠡ ᠰᠠᠢᠬᠠᠨ ᠳ᠋ᠡ ᠰᠠᠢᠬᠠᠨ ᠳ᠋ᠡ ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
