ᠪᠥᠵᠢᠭᠯᠡᠶ᠎ᠡ -ᠰᠤᠭᠤᠨᠠᠭ ᠰᠤᠭᠤᠨᠠᠭᠭᠢᠶ᠎ᠠ Fluid DanceБүжиглэе-Суунаг Суунагхиа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠥᠵᠢᠭᠯᠡᠶ᠎ᠡ -ᠰᠤᠭᠤᠨᠠᠭ ᠰᠤᠭᠤᠨᠠᠭᠭᠢᠶ᠎ᠠ Fluid DanceБүжиглэе-Суунаг Суунагхиа

ᠪᠥᠵᠢᠭᠯᠡᠶ᠎ᠡ -ᠰᠤᠭᠤᠨᠠᠭ ᠰᠤᠭᠤᠨᠠᠭᠭᠢᠶ᠎ᠠ Fluid DanceБүжиглэе-Суунаг Суунагхиа

ᠠᠩᠭᠢᠯᠠᠯ:ᠳᠠᠭᠤᠤ ᠬᠥᠭᠵᠢᠮ
2026-03-05

163

ᠪᠥᠵᠢᠭᠯᠡᠶ᠎ᠡ

    ᠦᠭᠡ᠄ ᠰᠤᠭᠤᠨᠠᠭ 
    ᠠᠶ᠎ᠠ᠄ ᠰᠤᠭᠤᠨᠠᠭ ᠡᠩᠬᠡᠲᠤᠯᠭ᠎ᠠ 
    ᠳᠠᠭᠤᠴᠢᠨ᠄ ᠰᠤᠭᠤᠨᠠᠭ ᠰᠤᠭᠤᠨᠠᠭᠬᠢᠶ᠎ᠠ 

ᠪᠥᠵᠢᠭᠯᠡᠶ᠎ᠡ ᠴᠡᠩᠭᠡᠯᠳᠦᠶ᠎ᠡ ᠪᠦᠭᠦᠳᠡᠭᠡᠷ ᠬᠠᠮᠲᠤᠪᠠᠷ ᠪᠥᠵᠢᠭᠯᠡᠶ᠎ᠡ  

ᠬᠥᠬᠡ ᠮᠥᠩᠭᠥᠨ ᠲᠩᠷᠢ ᠪᠡᠷ ᠢ᠋ᠶ᠋ᠡᠨ ᠪᠢᠳᠡ ᠬᠥᠰᠢᠭᠡ ᠪᠡᠨ ᠪᠣᠯᠭᠠᠭᠰᠠᠨ  
ᠬᠥᠷᠥᠰᠥᠲᠦ ᠠᠯᠲᠠᠨ ᠳᠡᠯᠡᠬᠡᠢ ᠪᠡᠷ ᠢ᠋ᠶ᠋ᠡᠨ ᠲᠠᠢᠰᠠ ᠪᠠᠨ ᠴᠢᠮᠡᠭᠰᠡᠨ   
ᠠᠶᠠᠯᠭᠤᠲᠤ ᠢᠷᠠᠭᠤ ᠬᠤᠭᠤᠷ ᠢ᠋ᠶ᠋ᠠᠨ ᠪᠢᠳᠡ ᠭᠥᠭᠯᠡᠶ᠎ᠡ
ᠠᠷᠠᠳ ᠤ᠋ᠨ ᠰᠠᠢᠬᠠᠨ ᠳᠠᠭᠤᠤ ᠪᠠᠨ ᠪᠢᠳᠡ ᠳᠠᠭᠤᠯᠠᠶ᠎ᠠ
ᠬᠥᠩᠭᠡᠨ ᠬᠡᠮᠨᠡᠯᠲᠦ ᠪᠥᠵᠢᠭ ᠢ᠋ᠶ᠋ᠡᠷ ᠬᠥᠮᠦᠨ ᠦ᠌ ᠣᠷᠴᠢᠯᠠᠩ ᠢ᠋ ᠴᠢᠮᠡᠭᠯᠡᠶ᠎ᠡ
ᠤᠴᠠᠷᠠᠨ ᠵᠣᠯᠭᠠᠬᠤ ᠶ᠋ᠢᠨ ᠢᠷᠦᠭᠡᠯ ᠵᠥᠩᠨᠡᠨ ᠪᠡᠯᠭᠡᠲᠡᠶ᠎ᠡ
ᠤᠶᠠᠩᠭ᠎ᠠ ᠳᠠᠭᠤᠤ ᠶ᠋ᠢ ᠮᠢᠨᠢ ᠰᠣᠨᠣᠰᠤᠭᠠᠳ ᠤᠶᠠᠷᠠᠵᠤ ᠪᠠᠢᠨ᠎ᠠ ᠤᠤ
ᠪᠥᠵᠢᠭᠯᠡᠶ᠎ᠡ ᠪᠦᠭᠦᠳᠡᠭᠡᠷ ᠪᠠᠶᠠᠯᠠᠶ᠎ᠠ ᠳᠠᠭᠤᠯᠠᠶ᠎ᠠ ᠪᠦᠭᠦᠳᠡᠭᠡᠷ ᠴᠡᠩᠭᠡᠯᠳᠦᠶ᠎ᠡ
ᠬᠥᠳᠡᠭᠡ ᠭᠠᠷᠬᠤ ᠳ᠋ᠤ᠌ ᠠᠭᠠᠷ ᠰᠠᠢᠬᠠᠨ ᠬᠥᠭ ᠠᠢᠵᠠᠮ ᠢᠷᠠᠭᠤ ᠰᠠᠢᠬᠠᠨ
ᠬᠥᠮᠦᠨ ᠠᠷᠠᠳ ᠤ᠋ᠨ ᠰᠡᠳᠬᠢᠯ ᠰᠠᠨᠠᠭ᠎ᠠ ᠬᠥᠷ ᠪᠠᠶᠠᠷ ᠢ᠋ᠶ᠋ᠠᠷ ᠪᠢᠯᠬᠠᠮ᠎ᠠ ᠰᠠᠢᠬᠠᠨ
ᠬᠦᠰᠡᠯ ᠮᠥᠷᠥᠭᠡᠳᠦᠯ ᠪᠦᠬᠦᠨ ᠪᠡᠶᠡᠯᠡᠬᠦ ᠨᠢᠭᠡᠨ ᠡᠳᠦᠷ ᠪᠠᠢᠬᠤ ᠳ᠋ᠤ᠌
ᠶᠠᠭ ᠣᠳᠣ ᠭᠠᠷ ᠢ᠋ᠶ᠋ᠠᠨ ᠳᠡᠭᠡᠭᠰᠢ ᠪᠡᠨ ᠪᠦᠭᠦᠳᠡᠭᠡᠷ ᠬᠠᠮᠲᠤ ᠪᠠᠷ ᠪᠥᠵᠢᠭᠯᠡᠶ᠎ᠡ᠃

ᠪᠥᠵᠢᠭᠯᠡᠶ᠎ᠡ ᠴᠡᠩᠭᠡᠯᠳᠦᠶ᠎ᠡ ᠪᠦᠭᠦᠳᠡᠭᠡᠷ ᠬᠠᠮᠲᠤᠪᠠᠷ ᠪᠥᠵᠢᠭᠯᠡᠶ᠎ᠡ
ᠪᠥᠵᠢᠭᠯᠡᠶ᠎ᠡ ᠴᠡᠩᠭᠡᠯᠳᠦᠶ᠎ᠡ ᠪᠦᠭᠦᠳᠡᠭᠡᠷ ᠬᠠᠮᠲᠤᠪᠠᠷ ᠪᠥᠵᠢᠭᠯᠡᠶ᠎ᠡ
ᠨᠣᠮᠢᠨ ᠨᠣᠭᠣᠭᠠᠨ ᠴᠡᠯᠡᠭᠡᠷ ᠲᠠᠯ᠎ᠠ ᠳᠡᠭᠡᠷ᠎ᠡ ᠴᠡᠴᠡᠭ  ᠤᠳ ᠪᠥᠵᠢᠭᠯᠡᠭᠡᠳ
ᠨᠢᠭᠤᠴᠠᠬᠠᠨ ᠬᠠᠢᠷ᠎ᠠ ᠪᠠᠨ ᠰᠢᠪᠡᠨᠡᠯᠳᠦᠵᠦ ᠪᠠᠢᠬᠤ ᠰᠢᠭ᠋ ᠠᠵᠠ ᠵᠢᠷᠭᠠᠯᠲᠠᠢ
ᠤᠶᠠᠩᠭ᠎ᠠ ᠵᠥᠭᠡᠯᠡᠨ ᠶᠠᠲᠤᠭ᠎ᠠ ᠶ᠋ᠢᠨ ᠢᠷᠠᠭᠤ ᠡᠭᠡᠰᠢᠭᠯᠡᠩ
ᠠᠭᠤᠳᠠᠮ ᠲᠠᠯ᠎ᠠ ᠳ᠋ᠤ᠌ ᠪᠠᠨ ᠤᠷᠲᠤ ᠶ᠋ᠢᠨ ᠳᠠᠭᠤᠨ ᠤ᠋ ᠰᠢᠷᠤᠩᠬᠠᠢ
ᠤᠷᠠᠨ ᠬᠥᠭᠡᠮᠡᠢ ᠲᠣᠷᠭᠠᠨ ᠡᠬᠡᠰᠢᠭ ᠢ᠋ᠶ᠋ᠡᠷ ᠤᠬᠠᠭᠠᠨᠲᠤ ᠠᠷᠠᠳ ᠢ᠋ᠶ᠋ᠠᠨ ᠵᠢᠷᠭᠠᠭᠠᠶ᠎ᠠ 
ᠤᠴᠠᠷᠠᠨ ᠵᠣᠯᠭᠠᠬᠤ ᠶ᠋ᠢᠨ ᠢᠷᠦᠭᠡᠯ ᠵᠥᠩᠨᠡᠨ ᠪᠡᠯᠭᠡᠲᠡᠶ᠎ᠡ
ᠤᠶᠠᠩᠭ᠎ᠠ ᠳᠠᠭᠤᠤ ᠶ᠋ᠢ ᠮᠢᠨᠢ ᠰᠣᠨᠣᠰᠤᠭᠠᠳ ᠤᠶᠠᠷᠠᠵᠤ ᠪᠠᠢᠨ᠎ᠠ ᠤᠤ
ᠪᠥᠵᠢᠭᠯᠡᠶ᠎ᠡ ᠪᠦᠭᠦᠳᠡᠭᠡᠷ ᠪᠠᠶᠠᠯᠠᠶ᠎ᠠ ᠳᠠᠭᠤᠯᠠᠶ᠎ᠠ ᠪᠦᠭᠦᠳᠡᠭᠡᠷ ᠴᠡᠩᠭᠡᠯᠳᠦᠶ᠎ᠡ
ᠬᠥᠳᠡᠭᠡ ᠭᠠᠷᠬᠤ ᠳ᠋ᠤ᠌ ᠠᠭᠠᠷ ᠰᠠᠢᠬᠠᠨ ᠬᠥᠭ ᠠᠢᠵᠠᠮ ᠢᠷᠠᠭᠤ ᠰᠠᠢᠬᠠᠨ
ᠬᠥᠮᠦᠨ ᠠᠷᠠᠳ ᠤ᠋ᠨ ᠰᠡᠳᠬᠢᠯ ᠰᠠᠨᠠᠭ᠎ᠠ ᠬᠥᠷ ᠪᠠᠶᠠᠷ ᠢ᠋ᠶ᠋ᠠᠷ ᠪᠢᠯᠬᠠᠮ᠎ᠠ ᠰᠠᠢᠬᠠᠨ
ᠬᠦᠰᠡᠯ ᠮᠥᠷᠥᠭᠡᠳᠦᠯ ᠪᠦᠬᠦᠨ ᠪᠡᠶᠡᠯᠡᠬᠦ ᠨᠢᠭᠡᠨ ᠡᠳᠦᠷ ᠪᠠᠢᠬᠤ ᠳ᠋ᠤ᠌
ᠶᠠᠭ ᠣᠳᠣ ᠭᠠᠷ ᠢ᠋ᠶ᠋ᠠᠨ ᠳᠡᠭᠡᠭᠰᠢ ᠪᠡᠨ ᠪᠦᠭᠦᠳᠡᠭᠡᠷ ᠬᠠᠮᠲᠤ ᠪᠠᠷ ᠪᠥᠵᠢᠭᠯᠡᠶ᠎ᠡ᠃
ᠪᠥᠵᠢᠭᠯᠡᠶ᠎ᠡ ᠴᠡᠩᠭᠡᠯᠳᠦᠶ᠎ᠡ ᠪᠦᠭᠦᠳᠡᠭᠡᠷ ᠬᠠᠮᠲᠤᠪᠠᠷ ᠪᠥᠵᠢᠭᠯᠡᠶ᠎ᠡ
ᠪᠥᠵᠢᠭᠯᠡᠶ᠎ᠡ ᠴᠡᠩᠭᠡᠯᠳᠦᠶ᠎ᠡ ᠪᠦᠭᠦᠳᠡᠭᠡᠷ ᠬᠠᠮᠲᠤᠪᠠᠷ ᠪᠥᠵᠢᠭᠯᠡᠶ᠎ᠡ
ᠪᠥᠵᠢᠭᠯᠡᠶ᠎ᠡ ᠴᠡᠩᠭᠡᠯᠳᠦᠶ᠎ᠡ ᠪᠦᠭᠦᠳᠡᠭᠡᠷ ᠬᠠᠮᠲᠤᠪᠠᠷ ᠪᠥᠵᠢᠭᠯᠡᠶ᠎ᠡ
ᠪᠥᠵᠢᠭᠯᠡᠶ᠎ᠡ ᠴᠡᠩᠭᠡᠯᠳᠦᠶ᠎ᠡ ᠪᠦᠭᠦᠳᠡᠭᠡᠷ ᠬᠠᠮᠲᠤᠪᠠᠷ ᠪᠥᠵᠢᠭᠯᠡᠶ᠎ᠡ ᠁
  
     ᠦᠰᠦᠭ ᠠᠮᠢᠯᠠᠭᠤᠯᠤᠭᠴᠢ᠄ ᠤᠤᠭᠠᠨᠵᠢᠳ
     ᠬᠢᠨᠠᠭᠴᠢ᠄ ᠮᠡᠷᠭᠡᠨᠪᠢᠯᠢᠭ