ᠰᠠᠷ᠎ᠠ ᠰᠢᠨ᠎ᠡ ᠶ᠋ᠢᠨ ᠪᠠᠶᠠᠷ -ᠰᠡᠴᠡᠨᠪᠢᠯᠢᠭ ᠲᠠᠮᠢᠷ ᠥᠭᠦᠯᠡᠨ Сар жилийн баяр-Сэцнбилэг Тамир Өгүүлэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷ᠎ᠠ ᠰᠢᠨ᠎ᠡ ᠶ᠋ᠢᠨ ᠪᠠᠶᠠᠷ -ᠰᠡᠴᠡᠨᠪᠢᠯᠢᠭ ᠲᠠᠮᠢᠷ ᠥᠭᠦᠯᠡᠨ Сар жилийн баяр-Сэцнбилэг Тамир Өгүүлэн

ᠰᠠᠷ᠎ᠠ ᠰᠢᠨ᠎ᠡ ᠶ᠋ᠢᠨ ᠪᠠᠶᠠᠷ -ᠰᠡᠴᠡᠨᠪᠢᠯᠢᠭ ᠲᠠᠮᠢᠷ ᠥᠭᠦᠯᠡᠨ Сар жилийн баяр-Сэцнбилэг Тамир Өгүүлэн

ᠠᠩᠭᠢᠯᠠᠯ:ᠳᠠᠭᠤᠤ ᠬᠥᠭᠵᠢᠮ
2026-03-04

244

ᠰᠠᠷ᠎ᠠ ᠰᠢᠨ᠎ᠡ ᠶ᠋ᠢᠨ ᠪᠠᠶᠠᠷ

 
     ᠦᠭᠡ᠄ ᠣᠲᠣᠷ   
     ᠠᠶ᠎ᠠ᠄ ᠰᠡᠷᠭᠦᠯᠡᠩᠴᠣᠭᠲᠤ  
     ᠳᠠᠭᠤᠴᠢᠨ᠄ ᠰᠡᠴᠡᠨᠪᠢᠯᠢᠭ ᠂ ᠲᠠᠮᠢᠷ ᠂ ᠥᠭᠦᠯᠡᠨ ᠨᠠᠷ   

ᠰᠦᠨ ᠢᠷᠦᠭᠡᠯ ᠬᠤᠷᠤᠢᠯᠠᠭᠠᠳ ᠰᠠᠴᠤᠯᠢ ᠶ᠋ᠢᠨ ᠳᠡᠭᠡᠵᠢ ᠪᠡᠨ ᠰᠡᠷᠵᠢᠮᠯᠡᠭᠰᠡᠨ 
ᠰᠠᠮᠪᠠᠢ ᠬᠠᠳᠠᠭ ᠢ᠋ᠶ᠋ᠠᠨ ᠳᠡᠯᠭᠡᠵᠦ ᠰᠠᠢᠨ ᠤ᠋ ᠬᠦᠰᠡᠯ ᠢ᠋ᠶ᠋ᠡᠨ ᠳᠡᠪᠰᠢᠭᠦᠯᠦᠶ᠎ᠡ 
ᠢᠲᠡᠭᠡᠯ ᠵᠥᠩᠨᠡᠯ ᠬᠠᠢᠷᠠᠯᠠᠵᠤ ᠦᠯᠡᠮᠵᠢ ᠶ᠋ᠢᠨ ᠪᠤᠶᠠᠨ ᠢ᠋ᠶ᠋ᠠᠨ ᠢᠪᠡᠭᠡᠭᠰᠡᠨ 
ᠡᠷᠳᠡᠨᠢ ᠶ᠋ᠢᠨ ᠬᠦᠬᠦᠷ ᠰᠣᠯᠢᠯᠴᠠᠨ ᠡᠯᠪᠡᠭ ᠪᠠᠶᠠᠷ ᠢ᠋ᠶ᠋ᠠᠨ ᠠᠢᠯᠠᠳᠬᠠᠶ᠎ᠠ᠃
ᠲᠠ ᠪᠢᠳᠡᠨ ᠵᠣᠯᠭᠠᠶ᠎ᠠ ᠴᠠᠭᠠᠨ ᠰᠠᠷ᠎ᠠ ᠪᠠᠷ ᠴᠠᠭ ᠤ᠋ᠨ ᠰᠠᠢᠬᠠᠨ ᠳ᠋ᠤ᠌ ᠵᠣᠯᠭᠠᠶ᠎ᠠ 
ᠴᠠᠭᠯᠠᠰᠢ ᠦᠭᠡᠢ ᠪᠠᠶᠠᠷᠯᠠᠨ ᠵᠣᠯᠭᠠᠶ᠎ᠠ᠃

ᠣᠷᠣᠭᠰᠠᠨ ᠪᠤᠤᠷ᠎ᠠ ᠶ᠋ᠢᠨ ᠵᠣᠭᠳᠣᠷ ᠬᠡᠢᠰᠬᠡᠨ ᠣᠩᠭᠣᠨ ᠬᠦᠯᠦᠭ ᠦ᠋ᠨ ᠳᠡᠯ ᠴᠠᠩᠲᠤᠭᠤᠯᠤᠨ
ᠣᠷᠴᠢᠯᠠᠩ ᠤ᠋ᠨ ᠭᠠᠩᠭᠠᠩ ᠡᠪᠦᠯ ᠤᠷᠤᠰᠬᠤ ᠴᠠᠰᠤᠨ ᠮᠣᠷᠢᠯᠠᠨ ᠰᠠᠭᠠᠲᠠᠯ᠎ᠠ
ᠣᠨ ᠤ᠋ ᠲᠣᠷᠭᠠᠨ ᠬᠠᠭᠤᠳᠠᠰᠤ ᠰᠢᠨ᠎ᠡ ᠪᠡᠷ ᠰᠣᠯᠢᠭᠳᠠᠬᠤ ᠵᠠᠪᠰᠠᠷ ᠢ᠋ᠶ᠋ᠠᠷ
ᠣᠯᠵᠤ ᠠᠯᠳᠠᠭᠰᠠᠨ ᠢ᠋ᠶ᠋ᠠᠨ ᠲᠤᠩᠭᠠᠨ ᠪᠣᠳᠣᠬᠤ ᠡᠷᠭᠢᠴᠡᠭᠦᠯᠦᠯ ᠰᠠᠢᠬᠠᠨ ᠳᠠ᠃
ᠨᠠᠷᠠ ᠬᠣᠯᠠᠳᠠᠨ ᠡᠪᠦᠯ ᠮᠣᠷᠢᠯᠠᠵᠤ ᠬᠦᠢᠲᠡᠨ ᠵᠢᠪᠠᠷ ᠢ᠋ᠶ᠋ᠠᠷ ᠠᠳᠤᠭᠤᠨ ᠳ᠋ᠤ᠌ ᠶᠠᠪᠤᠬᠤ ᠳ᠋ᠤ᠌
ᠨᠠᠳᠠ ᠳ᠋ᠤ᠌ ᠨᠡᠬᠡᠢ ᠳᠡᠪᠡᠯ ᠮᠢᠨᠢ ᠲᠤᠩ ᠡᠭᠡᠯᠢᠲᠡᠢ ᠰᠠᠨᠠᠭᠳᠠᠨ᠎ᠠ
ᠨᠠᠯᠠᠭᠠᠷ ᠰᠠᠢᠬᠠᠨ ᠨᠤᠲᠤᠭ ᠮᠢᠨᠢ ᠡᠪᠦᠯ ᠦ᠋ᠨ ᠥᠩᠭᠡ ᠪᠡᠷ ᠴᠢᠮᠡᠭᠯᠡᠬᠦ ᠳ᠋ᠦ᠍
ᠨᠠᠰᠤᠨ ᠤ᠋ ᠵᠢᠷᠭᠠᠯ ᠳ᠋ᠤ᠌ ᠱᠣᠭᠰᠢᠭᠤᠯᠵᠤ ᠪᠠᠢᠭᠰᠠᠨ ᠡᠪᠦᠭᠡᠳ ᠦ᠋ᠨ ᠣᠲᠣᠷ ᠢ᠋ᠶ᠋ᠠᠨ ᠳᠤᠷᠠᠰᠤᠨ᠎ᠠ᠃

ᠨᠠᠷᠠ ᠵᠥᠪ ᠡᠷᠭᠢᠭᠰᠡᠨ ᠨᠠᠢᠷ ᠤ᠋ᠨ ᠲᠣᠭᠣᠷ᠎ᠠ ᠠᠶᠠᠲᠠᠢᠬᠠᠨ
ᠥᠯᠵᠡᠢ ᠳᠡᠮᠪᠡᠷᠢᠯᠲᠦ ᠨᠤᠲᠤᠭ ᠲᠤ᠌ ᠪᠠᠨ ᠮᠥᠩᠬᠡ ᠶ᠋ᠢᠨ ᠬᠦᠰᠡᠯ ᠢ᠋ᠶ᠋ᠡᠷ ᠮᠡᠨᠳᠦᠴᠢᠯᠡᠶ᠎ᠡ᠃
ᠰᠦᠨ ᠢᠷᠦᠭᠡᠯ ᠲᠡᠢ ᠰᠢᠨ᠎ᠡ ᠵᠢᠯ ᠦ᠋ᠨ ᠮᠡᠨᠳᠦ ᠶ᠋ᠢ ᠡᠨᠳᠡ ᠡᠴᠡ ᠪᠠᠷᠢᠶ᠎ᠠ
ᠰᠦᠯᠳᠡ ᠬᠡᠢᠮᠣᠷᠢ ᠥᠯᠵᠡᠢ ᠪᠤᠶᠠᠨ ᠲᠠᠢ ᠢᠷᠦᠭᠡᠯ ᠢ᠋ ᠡᠨᠳᠡ ᠡᠴᠡ ᠬᠠᠢᠷᠠᠯᠠᠶ᠎ᠠ᠃

ᠬᠡᠰᠢᠭ ᠪᠤᠶᠠᠨ ᠳᠡᠯᠭᠡᠷᠡᠭᠰᠡᠨ ᠬᠣᠲᠠᠯᠠ ᠣᠯᠠᠨ ᠢ᠋ᠶ᠋ᠠᠷ ᠪᠠᠶᠠᠰᠤᠯᠴᠠᠭᠰᠠᠨ
ᠶᠢᠰᠦᠨ ᠡᠷᠳᠡᠨᠢ ᠶ᠋ᠢᠨ ᠨᠤᠲᠤᠭ ᠲᠤ᠌ ᠪᠠᠨ ᠥᠨᠢᠳᠡ ᠶ᠋ᠢᠨ ᠲᠠᠪᠠ ᠪᠠᠷ ᠵᠢᠷᠭᠠᠶ᠎ᠠ᠃
ᠲᠠ ᠪᠢᠳᠡᠨ ᠵᠣᠯᠭᠠᠶ᠎ᠠ ᠴᠠᠭᠠᠨ ᠰᠠᠷ᠎ᠠ ᠪᠠᠷ ᠴᠠᠭ ᠤ᠋ᠨ ᠰᠠᠢᠬᠠᠨ ᠳ᠋ᠤ᠌ ᠵᠣᠯᠭᠠᠶ᠎ᠠ
ᠴᠠᠭᠯᠠᠰᠢ ᠦᠭᠡᠢ ᠪᠠᠶᠠᠷᠯᠠᠨ ᠵᠣᠯᠭᠠᠶ᠎ᠠ᠃

ᠣᠭ᠌ᠶᠤ ᠨᠣᠮᠢᠨ ᠲᠩᠷᠢ ᠶ᠋ᠢᠨ ᠬᠠᠶᠠᠭᠠᠨ ᠳ᠋ᠤ᠌ ᠦᠦᠷ ᠦ᠋ᠨ ᠴᠣᠯᠮᠣᠨ ᠭᠢᠯᠪᠠᠵᠤ ᠪᠠᠢᠨ᠎ᠠ
ᠣᠩᠭᠣᠨ ᠲᠠᠭᠱᠠᠨ ᠡᠬᠡ ᠣᠷᠣᠨ ᠳ᠋ᠤ᠌ ᠰᠢᠨᠡᠬᠡᠨ ᠥᠷᠯᠥᠭᠡ ᠰᠠᠨᠠᠭᠳᠠᠵᠤ ᠪᠠᠢᠨ᠎ᠠ
ᠣᠮᠣᠭᠯᠠᠩ ᠬᠦᠯᠦᠭ ᠦ᠋ᠨ ᠬᠢᠷᠭᠠᠭ᠎ᠠ ᠳᠡᠯ ᠳ᠋ᠦ᠍ ᠥᠲᠥᠨ ᠴᠠᠰᠤ ᠪᠤᠲᠠᠷᠠᠵᠤ ᠪᠠᠢᠨ᠎ᠠ
ᠣᠷᠳᠣᠨ ᠴᠠᠭᠠᠨ ᠭᠡᠷ ᠦ᠋ᠨ ᠬᠣᠢᠮᠣᠷ ᠲᠤ᠌ ᠳᠠᠭᠤᠤ ᠬᠤᠭᠤᠷ ᠬᠣᠷᠰᠢᠵᠤ ᠪᠠᠢᠨ᠎ᠠ᠃

ᠠᠢᠷᠠᠭ ᠴᠡᠬᠡ ᠮᠥᠩᠭᠥᠨ ᠵᠠᠪᠢᠶᠠᠨ ᠳ᠋ᠤ᠌ ᠠᠮᠠᠰᠠᠷ ᠳᠦᠭᠦᠷᠡᠩ ᠪᠢᠯᠬᠠᠵᠤ ᠪᠠᠢᠨ᠎ᠠ
ᠠᠷᠢᠭᠤᠨ ᠪᠢᠯᠢᠭᠲᠦ ᠢᠷᠦᠭᠡᠯ ᠵᠥᠩᠨᠡᠯ ᠳ᠋ᠦ᠍ ᠬᠠᠳᠠᠭ ᠬᠦᠬᠦᠷ ᠵᠥᠷᠢᠭᠦᠯᠵᠦ ᠪᠠᠢᠨ᠎ᠠ
ᠠᠵᠠᠢ ᠪᠤᠭᠤᠷᠤᠯ ᠤ᠋ᠳ ᠨᠠᠢᠷ ᠤ᠋ᠨ ᠥᠨᠳᠥᠷ ᠲᠦ᠍ ᠲᠦᠪᠰᠢᠨ ᠲᠦᠯᠬᠢᠨ ᠲᠣᠭᠯᠠᠵᠤ ᠪᠠᠢᠨ᠎ᠠ
ᠠᠷᠠᠳ ᠤ᠋ᠨ ᠴᠡᠩᠭᠡᠯ ᠪᠦᠭᠦᠳᠡ ᠶ᠋ᠢᠨ ᠵᠢᠷᠭᠠᠯ ᠳ᠋ᠤ᠌ ᠰᠢᠨ᠎ᠡ ᠵᠢᠯ ᠪᠡᠶᠡᠰᠴᠦ ᠪᠠᠢᠨ᠎ᠠ᠃
     
      ᠦᠰᠦᠭ ᠠᠮᠢᠯᠠᠭᠤᠯᠤᠭᠴᠢ᠄ ᠤᠤᠭᠠᠨᠵᠢᠳ
      ᠬᠢᠨᠠᠭᠴᠢ᠄ ᠮᠡᠷᠭᠡᠨᠪᠢᠯᠢᠭ