ᠰᠠᠩᠬᠤᠶᠤ ᠭᠥᠯᠢᠮ -ᠴᠠᠭᠠᠨ ᠬᠠᠮᠲᠤᠯᠢᠭ᠋ Sankhiyuu gölöm-Tsagaan khamtlagСанхьюу гөлөм-Цагаан хамтлаг
ᠠᠷᠠᠳ ᠤ᠋ᠨ ᠳᠠᠭᠤᠤ
ᠳᠠᠭᠤᠴᠢᠳ᠄ ᠴᠠᠭᠠᠨ ᠬᠠᠮᠲᠤᠯᠢᠭ
ᠬᠥᠭᠵᠢᠮ ᠦ᠋ᠨ ᠨᠠᠢᠷᠠᠭᠤᠯᠤᠭᠴᠢ᠄ ᠵᠠᠨᠴᠢᠨ
ᠵᠢᠷᠣᠭ᠎ᠠ ᠶᠣ᠌ ᠰᠠᠢᠲᠠᠢ ᠮᠣᠷᠢ ᠴᠢᠨᠢ ᠪᠠᠢᠪᠠᠯ
ᠠᠪᠤᠭᠠᠳ ᠢᠷ᠎ᠡ ᠳᠡ ᠠᠪᠤ ᠮᠢᠨᠢ ᠳᠡ ᠬᠦ
ᠵᠢᠷᠭᠤᠭᠠᠨ ᠯᠠᠩ ᠤ᠋ᠨ ᠰᠠᠩᠬᠤᠶᠤ ᠭᠥᠯᠢᠮ ᠴᠢᠨᠢ
ᠵᠢᠷᠣᠭ᠎ᠠ ᠮᠣᠷᠢᠨ ᠤ᠋ ᠴᠢᠨᠢ ᠴᠢᠮᠡᠭ ᠶᠦᠮ ᠠ᠋
ᠠᠯᠬᠤᠭ᠎ᠠ ᠶᠤ᠌ ᠰᠠᠢᠲᠠᠢ ᠮᠣᠷᠢ ᠴᠢᠨᠢ ᠪᠠᠢᠪᠠᠯ
ᠠᠪᠤᠭᠠᠳ ᠢᠷ᠎ᠡ ᠳᠡ ᠠᠬ᠎ᠠ ᠮᠢᠨᠢ ᠳᠡ ᠬᠦ
ᠠᠷᠪᠠᠨ ᠶᠤ᠌ ᠯᠠᠩ ᠤ᠋ᠨ ᠰᠠᠩᠬᠤᠶᠤ ᠭᠥᠯᠢᠮ ᠴᠢᠨᠢ
ᠠᠭᠲᠠ ᠮᠣᠷᠢᠨ ᠤ᠋ ᠴᠢᠨᠢ ᠴᠢᠮᠡᠭ ᠶᠦᠮ ᠳᠡ ᠬᠦ᠃
ᠠᠯᠬᠤᠭᠠᠳ ᠪᠠᠢᠭᠠᠳ ᠣᠷᠣᠭᠠᠳ ᠥᠭᠭᠦᠭᠰᠡᠨ
ᠥᠬᠢᠨ ᠦ᠌ ᠴᠢᠨᠢ ᠠᠯᠴᠢᠭᠤᠷ ᠶᠤᠮ ᠠ ᠬᠥ
ᠠᠪᠤ ᠮᠥᠮᠥ ᠬᠣᠶᠠᠷ ᠤ᠋ᠨ ᠴᠢᠨᠢ
ᠠᠮᠤᠷ ᠢ᠋ ᠨᠢ ᠠᠰᠠᠭᠤᠵᠤ ᠪᠠᠢᠭᠠᠳ ᠢᠯᠡᠭᠡᠭᠰᠡᠨ ᠶᠦᠮ ᠠ᠋ ᠬᠦ᠃
ᠠᠪᠤ ᠮᠥᠮᠥ ᠬᠣᠶᠠᠷ ᠤ᠋ᠨ ᠴᠢᠨᠢ
ᠠᠮᠤᠷ ᠢ᠋ ᠨᠢ ᠠᠰᠠᠭᠤᠵᠤ ᠪᠠᠢᠭᠠᠳ ᠢᠯᠡᠭᠡᠭᠰᠡᠨ ᠶᠦᠮ ᠠ᠋ ᠬᠦ
ᠠᠪᠤ ᠮᠥᠮᠥ ᠬᠣᠶᠠᠷ ᠤ᠋ᠨ ᠴᠢᠨᠢ
ᠠᠮᠤᠷ ᠢ᠋ ᠨᠢ ᠠᠰᠠᠭᠤᠵᠤ ᠪᠠᠢᠭᠠᠳ ᠢᠯᠡᠭᠡᠭᠰᠡᠨ ᠶᠦᠮ ᠠ᠋ ᠬᠦ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
