ᠣᠴᠢᠮᠠᠷ ᠪᠠᠢᠨ᠎ᠠ ᠤᠴᠠᠷᠠᠮᠠᠷ ᠪᠠᠢᠨ᠎ᠠ -ᠰ ᠤᠶᠠᠩᠭ᠎ᠠ Ochmoor baina uchirmaar baina-S UyangaОчмоор байна учирмаар байна-С Уянга
ᠣᠴᠢᠮᠠᠷ ᠪᠠᠢᠨ᠎ᠠ ᠤᠴᠠᠷᠠᠮᠠᠷ ᠪᠠᠢᠨ᠎ᠠ
ᠦᠭᠡ᠄ ᠴᠣᠭᠵᠢᠯᠲᠤ
ᠠᠶ᠎ᠠ᠄ ᠰᠡᠷᠭᠦᠯᠡᠩᠴᠣᠭᠲᠤ
ᠳᠠᠭᠤᠴᠢᠨ᠄ ᠰ· ᠤᠶᠠᠩᠭ᠎ᠠ
ᠨᠠᠮᠢᠷᠠᠭ᠎ᠠ ᠬᠤᠷ᠎ᠠ ᠲᠠᠢ ᠲᠠᠯ᠎ᠠ ᠳ᠋ᠤ᠌ ᠪᠠᠨ ᠪᠢ ᠬᠠᠷᠢᠮᠠᠷ ᠪᠠᠢᠨ᠎ᠠ ᠰᠠᠭᠤᠮᠠᠷ ᠪᠠᠢᠨ᠎ᠠ
ᠨᠠᠰᠤᠨ ᠪᠠᠭ᠎ᠠ ᠶ᠋ᠢᠨ ᠴᠢᠮ᠎ᠠ ᠳ᠋ᠤ᠌ ᠪᠠᠨ ᠪᠢ ᠣᠴᠢᠮᠠᠷ ᠪᠠᠢᠨ᠎ᠠ ᠤᠴᠠᠷᠠᠮᠠᠷ ᠪᠠᠢᠨ᠎ᠠ᠃
ᠬᠡᠭᠡᠷ᠎ᠡ ᠶ᠋ᠢᠨ ᠰᠠᠯᠬᠢᠨ ᠤ᠋ ᠦᠨᠦᠷ ᠲᠦ᠍ ᠨᠢ ᠵᠣᠭᠰᠣᠮᠠᠷ ᠪᠠᠢᠨ᠎ᠠ ᠰᠣᠭᠲᠣᠮᠠᠷ ᠪᠠᠢᠨ᠎ᠠ
ᠬᠡᠯᠡᠭᠰᠡᠨ ᠬᠣᠶᠠᠷ ᠦᠭᠡ ᠶ᠋ᠢ ᠴᠢᠨᠢ ᠳᠤᠷᠠᠰᠤᠮᠠᠷ ᠪᠠᠢᠨ᠎ᠠ ᠳᠣᠭᠳᠣᠯᠤᠮᠠᠷ ᠪᠠᠢᠨ᠎ᠠ᠃
ᠪᠤᠷᠬᠠᠨ ᠪᠤᠮᠪᠠ ᠶ᠋ᠢᠨ ᠣᠷᠣᠨ ᠢ᠋ᠶ᠋ᠠᠨ ᠪᠠᠷᠠᠯᠠᠭᠠᠳ ᠪᠠᠢᠨ᠎ᠠ ᠵᠡᠭᠦᠳᠦᠯᠡᠭᠡᠳ ᠪᠠᠢᠨ᠎ᠠ
ᠪᠣᠳᠣᠯ ᠤ᠋ᠨ ᠵᠢᠭᠠᠬᠠᠨ ᠴᠢᠮ᠎ᠠ ᠳ᠋ᠤ᠌ ᠪᠠᠨ ᠣᠴᠢᠮᠠᠷ ᠪᠠᠢᠨ᠎ᠠ ᠤᠴᠠᠷᠠᠮᠠᠷ ᠪᠠᠢᠨ᠎ᠠ᠃
ᠤᠷᠲᠤ ᠶ᠋ᠢᠨ ᠰᠠᠢᠬᠠᠨ ᠳᠠᠭᠤᠤ ᠳ᠋ᠤ᠌ ᠪᠠᠨ ᠤᠶᠠᠷᠠᠭᠠᠳ ᠪᠠᠢᠨ᠎ᠠ ᠤᠬᠢᠯᠠᠮᠠᠷ ᠪᠠᠢᠨ᠎ᠠ
ᠦᠨᠡᠨ ᠰᠡᠳᠬᠢᠯ ᠦ᠋ᠨ ᠦᠭᠡ ᠶ᠋ᠢ ᠪᠡᠨ ᠬᠡᠯᠡᠮᠡᠷ ᠪᠠᠢᠨ᠎ᠠ ᠬᠡᠯᠡᠯᠴᠡᠮᠡᠷ ᠪᠠᠢᠨ᠎ᠠ ᠃
ᠨᠠᠮᠤᠭᠤᠨ ᠭᠣᠣᠯ ᠤ᠋ᠨ ᠬᠥᠪᠡᠭᠡᠨ ᠳᠡᠭᠡᠷ᠎ᠡ ᠪᠣᠯᠵᠣᠮᠠᠷ ᠪᠠᠢᠨ᠎ᠠ ᠵᠣᠯᠭᠠᠮᠠᠷ ᠪᠠᠢᠨ᠎ᠠ
ᠨᠠᠷᠠᠨ ᠤ᠋ ᠢᠯᠴᠢ ᠲᠡᠢ ᠪᠡᠶ᠎ᠡ ᠶ᠋ᠢ ᠴᠢᠨᠢ ᠨᠠᠯᠠᠮᠠᠷ ᠪᠠᠢᠨ᠎ᠠ ᠲᠦᠰᠢᠮᠡᠷ ᠪᠠᠢᠨ᠎ᠠ᠃
ᠠᠮᠢᠨ ᠬᠠᠢᠷᠠᠲᠠᠢ ᠨᠤᠲᠤᠭ ᠲᠤ᠌ ᠪᠠᠨ ᠠᠮᠢᠳᠤᠷᠠᠮᠠᠷ ᠪᠠᠢᠨ᠎ᠠ ᠥᠲᠡᠯᠦᠮᠡᠷ ᠪᠠᠢᠨ᠎ᠠ
ᠠᠮᠠᠷᠠᠭ ᠬᠣᠩᠭᠣᠷ ᠴᠢᠮ᠎ᠠ ᠳ᠋ᠤ᠌ ᠪᠠᠨ ᠣᠴᠢᠮᠠᠷ ᠪᠠᠢᠨ᠎ᠠ ᠤᠴᠠᠷᠠᠮᠠᠷ ᠪᠠᠢᠨ᠎ᠠ
ᠣᠴᠢᠮᠠᠷ ᠪᠠᠢᠨ᠎ᠠ ᠤᠴᠠᠷᠠᠮᠠᠷ ᠪᠠᠢᠨ᠎ᠠ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
