ᠬᠥᠭᠡᠷᠦᠬᠦᠢ ᠠᠪᠤ ᠮᠢᠨᠢХөөрхий аав минь
ᠬᠦᠭᠡᠷᠦᠬᠦᠢ ᠠᠪᠤ ᠮᠢᠨᠢ
ᠦᠬᠡ ᠂ ᠠᠶ᠎ᠠ: ᠰᠡᠴᠡᠨᠳᠤ
ᠨᠠᠢ᠍ᠮᠠᠨ ᠬᠠᠨ᠎ᠠ ᠲᠠᠢ ᠮᠣᠩᠭᠣᠯ ᠬᠡᠷ ᠲᠡᠭᠡᠨ
ᠨᠠᠮ᠎ᠠ ᠶᠢ ᠪᠠᠨ ᠨᠠᠭᠠᠳᠤᠭᠤᠯᠵᠤ ᠦᠰᠬᠡᠭᠰᠡᠨ ᠠᠪᠤ ᠮᠢᠨᠢ
ᠰᠢᠷᠭ᠎ᠠ ᠮᠤᠷᠢᠨ ᠤ ᠮᠢᠨᠢ ᠬᠤᠷ ᠲᠡᠯ ᠢ ᠢᠯᠢᠨ ᠵᠤᠬᠰᠤᠬᠰᠠᠭᠠᠷ
ᠰᠠᠨᠠᠵᠤ ᠬᠣᠢᠨ᠎ᠠ ᠡᠴᠡ ᠮᠢᠨᠢ ᠬᠠᠷᠠᠭ᠎ᠠ ᠤᠤ
ᠬᠦᠭᠡᠷᠦᠬᠦᠢ ᠠᠪᠤ ᠮᠢᠨᠢ
ᠲᠤᠯᠠᠭᠠᠬᠠᠨ ᠰᠠᠶ᠋ᠢᠬᠠᠨ ᠬᠠᠯᠠᠭᠤᠨ ᠡᠪᠤᠷ ᠲᠤ ᠪᠠᠨ
ᠲᠤᠯᠠᠭᠠᠴᠠᠭᠤᠯᠵᠤ ᠨᠠᠮᠠ᠋ ᠶ᠋ᠢ ᠪᠡᠨ ᠦᠰᠬᠡᠭᠰᠡᠨ ᠠᠪᠤ
ᠮᠢᠨᠢ
ᠠᠯᠢᠶ᠎ᠠ ᠬᠤᠩᠭᠤᠷ ᠬᠦᠦ ᠶᠢᠨ ᠶ᠋ᠢᠠᠨ ᠬᠠᠷᠢᠭᠠᠳ
ᠢᠷᠡᠬᠥ ᠶ᠋ᠢ
ᠠᠳᠤᠭᠤᠨ ᠤ ᠪᠠᠨ ᠪᠡᠯᠴᠢᠭᠡᠷ ᠡᠴᠡ ᠰᠠᠷᠠᠪᠴᠢᠯᠠᠭ᠎ᠠ ᠤᠤ
ᠬᠦᠭᠡᠷᠦᠬᠦᠢ ᠠᠪᠤ ᠮᠢᠨᠢ
ᠠᠯᠢᠶ᠎ᠠ ᠬᠤᠩᠭᠤᠷ ᠬᠦᠤ ᠶ᠋ᠢᠨ ᠶ᠋ᠢᠠᠨ
ᠬᠠᠷᠢᠭᠠᠳ ᠢᠷᠡᠬᠦ ᠶᠢ
ᠠᠳᠤᠭᠤᠨ ᠤ ᠪᠠᠨ ᠪᠡᠯᠴᠢᠬᠡᠷ ᠡᠴᠡ
ᠰᠠᠷᠠᠪᠴᠢᠯᠠᠭ᠎ᠠ ᠤᠤ
ᠬᠦᠭᠡᠷᠦᠬᠦᠢ ᠠᠪᠤ ᠮᠢᠨᠢ
ᠠᠯᠳᠠ ᠲᠠᠯᠢᠮ ᠤᠷᠭ᠎ᠠ ᠪᠠᠨ ᠰᠤᠭᠤᠪᠴᠢᠯᠡᠨ ᠲᠡᠪᠬᠢᠭᠤᠯᠤᠬᠰᠠᠭᠠᠷ
ᠠᠭᠠᠷ ᠤᠨ ᠨᠠᠷᠠ ᠶᠢ ᠬᠡᠴᠢᠨᠡᠬᠡᠨ ᠤᠬᠳᠤᠵᠤ ᠦᠳᠡᠪᠡ
ᠤᠳᠤᠮᠰᠢᠯᠳᠤ ᠮᠣᠩᠭᠣᠯ ᠤᠨ ᠰᠢᠨ᠎ᠡ ᠴᠠᠭᠠᠨ ᠰᠠᠷ᠎ᠠ ᠪᠤᠯᠬᠤ ᠪᠠᠷ
ᠬᠦᠦ ᠴᠢᠨᠢ ᠵᠤᠯᠭᠠᠬᠤ ᠪᠠᠷ ᠤᠴᠢᠨ᠎ᠠ ᠳ᠋ᠠ
ᠬᠦᠭᠡᠷᠦᠬᠦᠢ ᠠᠪᠤ ᠮᠢᠨᠢ
ᠤᠳᠤᠮᠰᠢᠯᠳᠤ ᠮᠣᠩᠭᠣᠯ ᠤᠨ ᠰᠢᠨ᠎ᠡ ᠴᠠᠭᠠᠨ ᠰᠠᠷ᠎ᠠ ᠪᠤᠯᠬᠤ ᠪᠠᠷ
ᠬᠦᠦ ᠴᠢᠨᠢ ᠵᠤᠯᠭᠠᠬᠤ ᠪᠠᠷ ᠤᠴᠢᠨ᠎ᠠ ᠳ᠋ᠠ
ᠬᠦᠭᠡᠷᠦᠬᠦᠢ ᠠᠪᠤ ᠮᠢᠨᠢ
