ᠭᠠᠩᠭᠠᠩ ᠤᠯᠠᠭᠠᠨ ᠲᠡᠮᠡᠭᠡ -ᠴᠡᠩᠭᠡᠯᠪᠠᠶᠠᠷGangan ulaan temee-TsengelbayarГанган улаан тэмээ-Цэнгэлбаяр
ᠭᠠᠩᠭᠠᠩ ᠤᠯᠠᠭᠠᠨ ᠲᠡᠮᠡᠭᠡ
ᠰᠢᠯᠦᠭ᠄ ᠨᠠ᠊· ᠰᠣᠳᠨᠠᠮ
ᠠᠶ᠎ᠠ᠄ ᠳ · ᠬᠠᠯᠲᠠᠷ( ᠮᠣᠩᠭᠣᠯ ᠤᠯᠤᠰ)
ᠳᠠᠭᠤᠴᠢᠨ᠄ ᠴᠡᠩᠭᠡᠯᠪᠠᠶᠠᠷ
ᠭᠠᠯᠪᠠ ᠶ᠋ᠢᠨ ᠭᠣᠪᠢ ᠪᠠᠷ ᠲᠡᠰᠢᠭᠦᠯᠦᠭᠰᠡᠨ
ᠭᠠᠩᠭᠠᠩ ᠤᠯᠠᠭᠠᠨ ᠲᠡᠮᠡᠭᠡᠳ ᠮᠢᠨᠢ
ᠭᠠᠭᠴᠠᠬᠠᠨ ᠵᠠᠶᠠᠭᠠᠬᠤ ᠨᠤᠲᠤᠭ ᠤ᠋ᠨ ᠮᠢᠨᠢ
ᠭᠠᠵᠠᠷ ᠤ᠋ᠨ ᠤᠯᠠᠭᠠᠨ ᠮᠡᠩᠭᠡ ᠶᠦᠮ ᠠ᠋
ᠬᠥᠨᠳᠡᠢ ᠴᠠᠢᠳᠠᠮ ᠢ᠋ᠶ᠋ᠠᠷ ᠬᠦᠩᠭᠢᠨᠡᠭᠦᠯᠦᠭᠰᠡᠨ
ᠬᠦᠷᠡᠩ ᠽᠠᠨᠳᠠᠨ ᠲᠡᠮᠡᠭᠡᠳ ᠮᠢᠨᠢ
ᠬᠥᠮᠦᠨ ᠵᠤᠨ ᠢ᠋ᠶ᠋ᠠᠨ ᠪᠠᠶᠠᠷᠯᠠᠭᠤᠯᠤᠭᠰᠠᠨ
ᠬᠥᠭᠡᠷᠦᠬᠦᠨ ᠴᠠᠭᠠᠨ ᠪᠣᠲᠣᠭᠣ ᠮᠢᠨᠢ
ᠠᠢ ᠬᠥᠭᠡᠷᠦᠬᠦᠢ
ᠬᠥᠮᠦᠨ ᠵᠤᠨ ᠢ᠋ᠶ᠋ᠠᠨ ᠪᠠᠶᠠᠷᠯᠠᠭᠤᠯᠤᠭᠰᠠᠨ
ᠬᠥᠭᠡᠷᠦᠬᠦᠨ ᠴᠠᠭᠠᠨ ᠪᠣᠲᠣᠭᠣ ᠮᠢᠨᠢ
ᠬᠤᠯᠠᠨ ᠵᠡᠭᠡᠷ᠎ᠡ ᠲᠡᠢ ᠢᠵᠢᠯᠢᠰᠢᠭᠰᠡᠨ
ᠬᠣᠩᠭᠣᠷ ᠤᠯᠠᠭᠠᠨ ᠲᠡᠮᠡᠭᠡᠳ ᠮᠢᠨᠢ
ᠬᠣᠯᠠ ᠶ᠋ᠢᠨ ᠠᠶᠠᠨ ᠳ᠋ᠤ᠌ ᠵᠢᠳᠬᠦᠭᠰᠡᠨ
ᠬᠣᠷᠸ᠎ᠠ ᠳ᠋ᠤ᠌ ᠬᠣᠣᠰ ᠦᠭᠡᠢ ᠠᠴᠢᠲᠠᠨ ᠮᠢᠨᠢ
ᠵᠠᠭ ᠤ᠋ᠨ ᠰᠢᠭᠤᠢ ᠪᠠᠷ ᠢᠳᠡᠰᠢᠯᠡᠭᠰᠡᠨ
ᠽᠠᠨᠳᠠᠨ ᠰᠢᠷᠡᠭᠡ ᠲᠡᠮᠡᠭᠡᠳ ᠮᠢᠨᠢ
ᠽᠠᠮᠪᠤᠯᠢᠩ ᠤ᠋ᠨ ᠡᠯᠢᠭᠡᠨ ᠳ᠋ᠦ᠍ ᠥᠰᠦᠭᠰᠡᠨ
ᠵᠠᠭᠠᠨ ᠥᠭᠡᠷ᠎ᠡ ᠦᠭᠡᠢ ᠬᠦᠴᠦᠲᠡᠨ ᠮᠢᠨᠢ
ᠠᠢ ᠬᠥᠭᠡᠷᠦᠬᠦᠢ
ᠽᠠᠮᠪᠤᠯᠢᠩ ᠤ᠋ᠨ ᠡᠯᠢᠭᠡᠨ ᠳ᠋ᠦ᠍ ᠥᠰᠦᠭᠰᠡᠨ
ᠵᠠᠭᠠᠨ ᠥᠭᠡᠷ᠎ᠡ ᠦᠭᠡᠢ ᠬᠦᠴᠦᠲᠡᠨ ᠮᠢᠨᠢ
ᠭᠠᠭᠴᠠᠬᠠᠨ ᠵᠠᠶᠠᠭᠠᠬᠤ ᠨᠤᠲᠤᠭ ᠤ᠋ᠨ ᠮᠢᠨᠢ
ᠭᠠᠵᠠᠷ ᠤ᠋ᠨ ᠤᠯᠠᠭᠠᠨ ᠮᠡᠩᠭᠡ ᠶᠦᠮ ᠠ᠋
ᠭᠠᠭᠴᠠᠬᠠᠨ ᠵᠠᠶᠠᠭᠠᠬᠤ ᠨᠤᠲᠤᠭ ᠤ᠋ᠨ ᠮᠢᠨᠢ
ᠭᠠᠵᠠᠷ ᠤ᠋ᠨ ᠤᠯᠠᠭᠠᠨ ᠮᠡᠩᠭᠡ ᠶᠦᠮ ᠠ᠋
ᠢᠷᠡᠯᠲᠡ᠄ ᠥᠪᠥᠷ ᠮᠣᠩᠭᠣᠯ ᠤ᠋ᠨ ᠪᠠᠶᠠᠨᠨᠠᠭᠤᠷ ᠬᠣᠲᠠ ᠶ᠋ᠢᠨ ᠤᠷᠠᠳ ᠤ᠋ᠨ ᠬᠣᠢᠲᠤ ᠬᠤᠰᠢᠭᠤᠨ ᠤ᠋ ᠠᠬᠠᠮᠠᠳ ᠢᠷᠠᠭᠤ ᠨᠠᠢᠷᠠᠭᠴᠢ ᠨᠠ᠊᠂ ᠰᠣᠳᠨᠠᠮ ᠭᠤᠸᠠᠢ ᠠ᠋ᠴᠠ ᠬᠠᠩᠭᠠᠪᠠ᠃
ᠴᠡᠩᠭᠡᠯᠪᠠᠶᠠᠷ᠂ ᠪᠠᠶᠠᠨᠨᠠᠭᠤᠷ ᠬᠣᠲᠠ ᠶ᠋ᠢᠨ ᠤᠷᠠᠳ ᠤ᠋ᠨ ᠬᠣᠢᠲᠤ ᠬᠤᠰᠢᠭᠤᠨ ᠤ᠋ ᠤᠯᠠᠭᠠᠨᠮᠥᠴᠢᠷ ᠦ᠋ᠨ ᠳᠠᠭᠤᠴᠢᠨ᠃
ᠬᠦᠳᠡᠯᠭᠡᠨᠲᠦ ᠵᠢᠷᠤᠭ ᠢ᠋ ᠰᠦᠯᠵᠢᠶᠡᠨ ᠡᠴᠡ ᠰᠣᠩᠭᠣᠪᠠ᠃
ᠦᠰᠦᠭ ᠠᠮᠢᠯᠠᠭᠤᠯᠤᠭᠰᠠᠨ ᠨᠢ᠄ ᠪᠣᠷᠵᠢᠭᠢᠨ ᠤᠷᠠᠨᠴᠡᠴᠡᠭ
ᠬᠢᠨᠠᠯᠲᠠ᠄ ᠨᠠ᠊· ᠰᠣᠳᠨᠠᠮ
