ᠬᠠᠪᠤᠷ ᠴᠠᠭ ᠲᠤ᠌-ᠤᠷᠢᠬᠠᠨKhavar tsagt-UrikhanХавар цагт-Урьхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠴᠠᠭ ᠲᠤ᠌-ᠤᠷᠢᠬᠠᠨKhavar tsagt-UrikhanХавар цагт-Урьхан

ᠬᠠᠪᠤᠷ ᠴᠠᠭ ᠲᠤ᠌-ᠤᠷᠢᠬᠠᠨKhavar tsagt-UrikhanХавар цагт-Урьхан

ᠠᠩᠭᠢᠯᠠᠯ:ᠳᠠᠭᠤᠤ ᠬᠥᠭᠵᠢᠮ
2026-03-02

3390

ᠬᠠᠪᠤᠷ ᠴᠠᠭ ᠲᠤ᠌


          ᠣᠷᠳᠣᠰ ᠠᠷᠠᠳ ᠤ᠋ᠨ ᠳᠠᠭᠤᠤ 
          ᠳᠠᠭᠤᠴᠢᠨ᠄ ᠤᠷᠢᠬᠠᠨ 

ᠬᠠᠪᠤᠷ ᠴᠠᠭ ᠲᠤ᠌ ᠴᠤᠭᠯᠠᠷᠠᠳᠠᠭ ᠬᠠᠮᠤᠭ ᠰᠢᠪᠠᠭᠤᠬᠠᠢ 
ᠬᠠᠷ᠎ᠠ ᠰᠡᠷᠢᠭᠦᠨ ᠤᠨᠠᠬᠤᠢ ᠴᠠᠭ ᠲᠤ᠌ ᠬᠠᠷᠠᠳᠠᠭ ᠪᠠᠢᠯᠭᠦᠢ ᠳ᠋ᠣᠣ 
ᠬᠠᠷᠠᠬᠠᠨ ᠪᠠᠭ᠎ᠠ ᠶ᠋ᠢᠨ ᠥᠰᠦᠭᠰᠡᠨ ᠨᠤᠲᠤᠭ ᠲᠡᠨᠳᠡ ᠪᠠᠢᠭᠰᠠᠨ ᠬᠣᠢᠨ᠎ᠠ 
ᠬᠠᠰᠢ ᠬᠡᠷᠡᠭ ᠬᠥᠮᠦᠨ ᠦ᠌ ᠭᠠᠵᠠᠷ ᠶᠠᠭᠤᠨ ᠳ᠋ᠠᠭᠠᠨ ᠡᠷᠭᠢᠨ᠎ᠡ ᠳ᠋ᠣᠣ 

ᠰᠢᠷᠠᠨ ᠠᠯᠠᠭ ᠯᠠᠮᠠ ᠰᠢᠪᠠᠭᠤ ᠮᠥᠨ ᠴᠦ᠍ ᠪᠣᠯᠤᠭᠰᠠᠨ ᠬᠣᠢᠨ᠎ᠠ 
ᠰᠢᠪᠠᠷ ᠱᠠᠯᠴᠢᠭ ᠵᠠᠳᠠᠭᠠᠢ ᠳ᠋ᠠᠭᠠᠨ ᠰᠠᠭᠤᠳᠠᠭ ᠪᠠᠢᠯᠭᠦᠢ ᠳ᠋ᠣᠣ 
ᠰᠢᠷᠠᠨ ᠱᠠᠵᠢᠨ ᠬᠤᠸᠠᠷᠠᠭ ᠤ᠋ᠳ ᠮᠥᠨ ᠴᠦ᠍ ᠪᠣᠯᠤᠭᠰᠠᠨ ᠬᠣᠢᠨ᠎ᠠ 
ᠱᠠᠷᠯᠢᠭ ᠤ᠋ᠨ ᠢ᠋ᠶ᠋ᠠᠨ ᠰᠢᠷ᠎ᠠ ᠵᠣᠣ ᠳ᠋ᠠᠭᠠᠨ ᠰᠠᠭᠤᠳᠠᠭ ᠪᠠᠢᠯᠭᠦᠢ ᠳ᠋ᠣᠣ 
ᠱᠠᠷᠯᠢᠭ ᠤ᠋ᠨ ᠢ᠋ᠶ᠋ᠠᠨ ᠰᠢᠷ᠎ᠠ ᠵᠣᠣ ᠳ᠋ᠠᠭᠠᠨ ᠰᠠᠭᠤᠳᠠᠭ ᠪᠠᠢᠯᠭᠦᠢ ᠳ᠋ᠣᠣ

ᠠᠷᠬᠠᠭ ᠭᠡᠵᠦ ᠯᠡ ᠬᠠᠷᠠᠭᠳᠠᠳᠠᠭ ᠠᠮᠪᠠ ᠶ᠋ᠢᠨ ᠣᠪᠣᠭ᠎ᠠ ᠪᠠᠢᠨ᠎ᠠ
ᠠᠯᠤᠰ ᠬᠣᠯᠠ ᠮᠠᠨᠠᠷᠠᠭᠰᠠᠨ ᠮᠠᠨ ᠤ᠋ ᠨᠤᠲᠤᠭ ᠰᠢᠦ
ᠠᠯᠢ ᠭᠠᠵᠠᠷ ᠰᠠᠭᠤᠵᠤ ᠰᠤᠷᠪᠠᠯ ᠲᠡᠷᠡ ᠭᠠᠵᠠᠷ ᠲᠤ᠌
ᠠᠳᠤᠭᠤ ᠮᠠᠯ ᠨᠢ ᠴᠦ᠍ ᠪᠡᠯᠴᠢᠭᠡᠷᠯᠡᠳᠡᠭ ᠨᠤᠲᠤᠭ ᠪᠠᠢᠯᠭᠦᠢ ᠳ᠋ᠣᠣ
ᠠᠳᠤᠭᠤ ᠮᠠᠯ ᠨᠢ ᠴᠦ᠍ ᠪᠡᠯᠴᠢᠭᠡᠷᠯᠡᠳᠡᠭ ᠨᠤᠲᠤᠭ ᠪᠠᠢᠯᠭᠦᠢ ᠳ᠋ᠣᠣ
ᠨᠤᠲᠤᠭ ᠪᠠᠢᠯᠭᠦᠢ ᠳ᠋ᠣᠣ

    ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ