ᠢᠷᠦᠭᠡᠯ ᠦ᠋ᠨ ᠳᠠᠭᠤᠤ-ᠴᠢᠩᠭᠢᠰ ᠬᠠᠭᠠᠨ ᠬᠠᠮᠲᠤᠯᠢᠭYerööliin duu-Chingis khaan khamtlagЕрөөлийн дуу-Чингис хаан хамтлаг
ᠢᠷᠦᠭᠡᠯ ᠦ᠋ᠨ ᠳᠠᠭᠤᠤ
ᠦᠭᠡ᠄ ᠳ· ᠵᠢᠷᠭᠠᠯᠰᠠᠢᠬᠠᠨ
ᠠᠶ᠎ᠠ᠄ ᠳ· ᠵᠢᠷᠭᠠᠯᠰᠠᠢᠬᠠᠨ
ᠳᠠᠭᠤᠴᠢᠨ᠄ ᠴᠢᠩᠭᠢᠰ ᠬᠠᠭᠠᠨ ᠬᠠᠮᠲᠤᠯᠢᠭ
ᠬᠠᠢᠷ᠎ᠠ ᠲᠠᠢ ᠬᠦᠯᠦᠭ ᠮᠣᠷᠢᠳ ᠢ᠋ ᠪᠡᠨ
ᠬᠢᠵᠠᠭᠠᠷ ᠲᠠᠢ ᠨᠢ ᠤᠰᠤᠯᠠᠵᠤ ᠰᠤᠷᠭᠠᠭᠠᠷᠠᠢ
ᠬᠠᠨᠢᠯᠠᠭᠰᠠᠨ ᠬᠣᠩᠭᠣᠷ ᠬᠦᠦ ᠪᠡᠨ
ᠬᠠᠲᠠᠭᠤᠬᠠᠨ ᠦᠭᠡᠨ ᠳ᠋ᠦ᠍ ᠳᠠᠰᠬᠠᠭᠠᠷᠠᠢ
ᠬᠠᠨᠢᠯᠠᠭᠰᠠᠨ ᠬᠣᠩᠭᠣᠷ ᠬᠦᠦ ᠪᠡᠨ
ᠬᠠᠲᠠᠭᠤᠬᠠᠨ ᠦᠭᠡᠨ ᠳ᠋ᠦ᠍ ᠳᠠᠰᠬᠠᠭᠠᠷᠠᠢ
ᠬᠥᠮᠦᠨ ᠦ᠌ ᠨᠤᠲᠤᠭ ᠬᠣᠯᠠ ᠶᠤᠮ ᠳᠠ
ᠬᠥᠲᠥᠯᠦᠭᠡ ᠮᠣᠷᠢᠳ ᠴᠢᠨᠢ ᠴᠤᠴᠠᠨᠠ ᠳᠠ
ᠠᠮᠠᠷᠠᠭ ᠬᠦᠦ ᠪᠡᠨ ᠰᠠᠨᠠᠬᠤ ᠳ᠋ᠤ᠌ ᠪᠠᠨ
ᠠᠷᠠᠳ ᠤ᠋ᠨ ᠢ᠋ᠶ᠋ᠠᠨ ᠳᠠᠭᠤᠤ ᠪᠠᠨ ᠠᠶᠠᠯᠤᠭᠠᠷᠠᠢ
ᠠᠮᠠᠷᠠᠭ ᠬᠦᠦ ᠪᠡᠨ ᠰᠠᠨᠠᠬᠤ ᠳ᠋ᠤ᠌ ᠪᠠᠨ
ᠠᠷᠠᠳ ᠤ᠋ᠨ ᠢ᠋ᠶ᠋ᠠᠨ ᠳᠠᠭᠤᠤ ᠪᠠᠨ ᠠᠶᠠᠯᠤᠭᠠᠷᠠᠢ
ᠬᠠᠳᠠᠭ ᠤ᠋ᠨ ᠲᠩᠷᠢ ᠶ᠋ᠢᠨ ᠰᠦᠯᠲᠠᠨ ᠳ᠋ᠤ᠌ ᠪᠠᠨ
ᠬᠠᠨᠴᠤᠢ ᠳ᠋ᠤ᠌ ᠪᠠᠨ ᠵᠠᠯᠪᠠᠷᠢᠵᠤ ᠶᠠᠪᠤᠭᠠᠷᠠᠢ
ᠬᠠᠯᠠᠭᠤᠬᠠᠨ ᠢᠨᠠᠭ ᠤ᠋ᠨ ᠰᠡᠳᠬᠢᠯ ᠢ᠋
ᠬᠠᠷᠠᠴᠠ ᠪᠠᠷ ᠢ᠋ᠶ᠋ᠠᠨ ᠮᠡᠳᠡᠷᠡᠵᠦ ᠶᠠᠪᠤᠭᠠᠷᠠᠢ
ᠬᠠᠯᠠᠭᠤᠬᠠᠨ ᠢᠨᠠᠭ ᠤ᠋ᠨ ᠰᠡᠳᠬᠢᠯ ᠢ᠋
ᠬᠠᠷᠠᠴᠠ ᠪᠠᠷ ᠢ᠋ᠶ᠋ᠠᠨ ᠮᠡᠳᠡᠷᠡᠵᠦ ᠶᠠᠪᠤᠭᠠᠷᠠᠢ
ᠠᠮᠢᠳᠤᠷᠠᠯ ᠤ᠋ᠨ ᠬᠠᠷᠭᠤᠢ ᠪᠠᠷᠲᠠᠭ᠎ᠠ ᠲᠠᠢ ᠴᠦ᠍
ᠵᠠᠮ ᠠ᠋ᠴᠠ ᠪᠠᠨ ᠪᠢᠲᠡᠭᠡᠢ ᠪᠤᠴᠠᠭᠠᠷᠠᠢ
ᠵᠢᠷᠭᠠᠯ ᠢ᠋ ᠳᠠᠭᠠᠭᠠᠬᠤ ᠦᠭᠡᠢ ᠵᠣᠪᠠᠯᠠᠩ ᠢ᠋ᠶ᠋ᠠᠨ
ᠵᠢᠷᠦᠬᠡ ᠪᠡᠷ ᠢ᠋ᠶ᠋ᠡᠨ ᠮᠡᠳᠡᠷᠡᠵᠦ ᠶᠠᠪᠤᠭᠠᠷᠠᠢ
ᠵᠢᠷᠭᠠᠯ ᠢ᠋ ᠳᠠᠭᠠᠭᠠᠬᠤ ᠦᠭᠡᠢ ᠵᠣᠪᠠᠯᠠᠩ ᠢ᠋ᠶ᠋ᠠᠨ
ᠵᠢᠷᠦᠬᠡ ᠪᠡᠷ ᠢ᠋ᠶ᠋ᠡᠨ ᠮᠡᠳᠡᠷᠡᠵᠦ ᠶᠠᠪᠤᠭᠠᠷᠠᠢ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
