ᠰᠡᠳᠬᠢᠯ ᠦ᠋ᠨ ᠲᠦᠰᠢᠭ -ᠲᠣᠭᠣᠰSetgeliin tüshig-TogosСэтгэлийн түшиг-Тогос
ᠰᠡᠳᠬᠢᠯ ᠦ᠋ᠨ ᠲᠦᠰᠢᠭ
ᠦᠭᠡ᠄ ᠨᠠᠰᠤᠨ
ᠠᠶ᠎ᠠ᠄ ᠥᠯᠵᠡᠢᠮᠥ᠋ᠷᠡᠨ
ᠳᠠᠭᠤᠴᠢᠨ᠄ ᠲᠣᠭᠣᠰ
ᠠᠮᠢᠨ ᠵᠠᠶᠠᠭ᠎ᠠ ᠶ᠋ᠢ ᠮᠢᠨᠢ ᠲᠣᠰᠴᠤ ᠤᠴᠠᠷᠠᠭᠰᠠᠨ
ᠠᠴᠢᠯᠠᠯ ᠡᠯᠪᠡᠷᠢᠯ ᠢ᠋ᠶ᠋ᠡᠷ ᠲᠦᠰᠢᠵᠦ ᠪᠦᠪᠡᠢᠯᠡᠭᠰᠡᠨ
ᠠᠯᠲᠠᠨ ᠬᠣᠢᠮᠣᠷ ᠲᠠᠭᠠᠨ ᠲᠡᠪᠡᠷᠢᠵᠦ ᠤᠶᠠᠷᠠᠭᠰᠠᠨ
ᠠᠮᠤᠭᠤᠯᠠᠩ ᠬᠠᠢᠷ᠎ᠠ ᠪᠠᠨ ᠨᠥᠮᠥᠷᠭᠡᠵᠦ ᠪᠥᠭᠡᠴᠡᠢᠯᠡᠭᠰᠡᠨ
ᠡᠵᠢ ᠮᠢᠨᠢ ᠠᠪᠤ ᠮᠢᠨᠢ ᠡᠨᠡᠷᠢᠯᠲᠡᠢᠬᠡᠨ ᠬᠣᠶᠠᠷ ᠮᠢᠨᠢ
ᠬᠠᠵᠠᠭᠤ ᠳ᠋ᠤ᠌ ᠲᠠᠨᠢ ᠪᠠᠢᠬᠤ ᠳ᠋ᠤ᠌ ᠠᠮᠢᠳᠤᠷᠠᠯ ᠥᠮᠥᠭ ᠲᠡᠢ
ᠬᠠᠷᠠᠭᠠᠳ ᠰᠠᠭᠤᠬᠤ ᠳ᠋ᠤ᠌ ᠰᠡᠳᠬᠢᠯ ᠲᠦᠰᠢᠭ ᠲᠡᠢ
ᠬᠠᠭᠠᠨ ᠬᠡᠢᠮᠣᠷᠢ ᠳ᠋ᠤ᠌ ᠨᠢ ᠭᠡᠷ ᠮᠢᠨᠢ ᠳᠦᠭᠦᠷᠦᠭᠰᠡᠨ
ᠬᠠᠩᠬᠠᠷ ᠨᠥᠮᠥᠷᠢ ᠳ᠋ᠦ᠍ ᠨᠢ ᠬᠣᠢᠮᠣᠷ ᠮᠢᠨᠢ ᠲᠥᠪᠬᠢᠨᠡᠭᠰᠡᠨ
ᠬᠠᠲᠠᠭᠤᠬᠠᠨ ᠦᠭᠡ ᠪᠡᠷ ᠢ᠋ᠶ᠋ᠡᠨ ᠤᠬᠠᠭᠠᠨ ᠰᠡᠯᠭᠦᠭᠰᠡᠨ
ᠬᠠᠯᠠᠭᠤᠬᠠᠨ ᠬᠠᠷᠠᠴᠠ ᠪᠠᠷ ᠢ᠋ᠶ᠋ᠠᠨ ᠤᠷᠮ᠎ᠠ ᠲᠡᠳᠬᠦᠭᠰᠡᠨ
ᠠᠪᠤ ᠮᠢᠨᠢ ᠡᠵᠢ ᠮᠢᠨᠢ ᠠᠴᠢᠲᠠᠢᠬᠠᠨ ᠬᠣᠶᠠᠷ ᠮᠢᠨᠢ
ᠬᠠᠵᠠᠭᠤ ᠳ᠋ᠤ᠌ ᠲᠠᠨᠢ ᠪᠠᠢᠬᠤ ᠳ᠋ᠤ᠌ ᠠᠮᠢᠳᠤᠷᠠᠯ ᠥᠮᠥᠭ ᠲᠡᠢ
ᠬᠠᠷᠠᠭᠠᠳ ᠰᠠᠭᠤᠬᠤ ᠳ᠋ᠤ᠌ ᠰᠡᠳᠬᠢᠯ ᠲᠦᠰᠢᠭ ᠲᠡᠢ
ᠪᠤᠶᠠᠨ ᠢ᠋ᠶ᠋ᠠᠨ ᠵᠤᠵᠠᠭᠠᠯᠠᠵᠤ ᠵᠠᠶᠠᠭᠠᠨ ᠳ᠋ᠤ᠌ ᠮᠢᠨᠢ ᠳᠡᠪᠢᠰᠦᠭᠰᠡᠨ
ᠪᠤᠷᠬᠠᠨ ᠳ᠋ᠤ᠌ ᠠᠷᠭᠠᠳᠠᠵᠤ ᠲᠠᠪᠢᠯᠠᠩ ᠢ᠋ ᠮᠢᠨᠢ ᠳᠠᠭᠠᠳᠬᠠᠭᠰᠠᠨ
ᠪᠤᠭᠤᠷᠤᠯ ᠨᠠᠰᠤᠨ ᠤ᠋ ᠪᠠᠨ ᠬᠤᠲᠤᠭ ᠢ᠋ᠶ᠋ᠠᠷ ᠮᠢᠯᠢᠶᠠᠭᠰᠠᠨ
ᠪᠤᠳᠠᠩᠲᠤ ᠬᠣᠷᠸ᠎ᠠ ᠶ᠋ᠢᠨ ᠵᠢᠷᠭᠠᠯ ᠢ᠋ᠶ᠋ᠠᠷ ᠢᠷᠥᠭᠡᠭᠰᠡᠨ
ᠥᠷᠥᠰᠢᠶᠡᠯ ᠮᠢᠨᠢ ᠢᠪᠡᠭᠡᠯ ᠮᠢᠨᠢ ᠥᠯᠵᠡᠢᠲᠡᠢᠬᠡᠨ ᠬᠣᠶᠠᠷ ᠮᠢᠨᠢ
ᠬᠠᠵᠠᠭᠤ ᠳ᠋ᠤ᠌ ᠲᠠᠨᠢ ᠪᠠᠢᠬᠤ ᠳ᠋ᠤ᠌ ᠠᠮᠢᠳᠤᠷᠠᠯ ᠥᠮᠥᠭ ᠲᠡᠢ
ᠬᠠᠷᠠᠭᠠᠳ ᠰᠠᠭᠤᠬᠤ ᠳ᠋ᠤ᠌ ᠰᠡᠳᠬᠢᠯ ᠲᠦᠰᠢᠭ ᠲᠡᠢ
ᠥᠷᠥᠰᠢᠶᠡᠯ ᠮᠢᠨᠢ ᠢᠪᠡᠭᠡᠯ ᠮᠢᠨᠢ ᠥᠯᠵᠡᠢᠲᠡᠢᠬᠡᠨ ᠬᠣᠶᠠᠷ ᠮᠢᠨᠢ
ᠬᠠᠵᠠᠭᠤ ᠳ᠋ᠤ᠌ ᠲᠠᠨᠢ ᠪᠠᠢᠬᠤ ᠳ᠋ᠤ᠌ ᠠᠮᠢᠳᠤᠷᠠᠯ ᠥᠮᠥᠭ ᠲᠡᠢ
ᠬᠠᠷᠠᠭᠠᠳ ᠰᠠᠭᠤᠬᠤ ᠳ᠋ᠤ᠌ ᠰᠡᠳᠬᠢᠯ ᠲᠦᠰᠢᠭ ᠲᠡᠢ
ᠰᠡᠳᠬᠢᠯ ᠦ᠋ᠨ ᠲᠦᠰᠢᠭ ᠠᠪᠤ ᠡᠵᠢ ᠬᠣᠶᠠᠷ ᠮᠢᠨᠢ ᠳ᠋ᠧ
ᠦᠰᠦᠭ ᠠᠮᠢᠯᠠᠭᠤᠯᠤᠭᠴᠢ᠄ ᠠᠯᠲᠠᠨᠴᠢᠮᠡᠭ
