ᠬᠣᠩᠭᠣᠷ ᠬᠠᠯᠢᠭᠤᠨ -ᠣᠶᠤᠨᠪᠢᠯᠢᠭ᠌ Khongor khaliun-OyuunbilegХонгор халиун-Оюунбилэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠩᠭᠣᠷ ᠬᠠᠯᠢᠭᠤᠨ -ᠣᠶᠤᠨᠪᠢᠯᠢᠭ᠌ Khongor khaliun-OyuunbilegХонгор халиун-Оюунбилэг

ᠬᠣᠩᠭᠣᠷ ᠬᠠᠯᠢᠭᠤᠨ -ᠣᠶᠤᠨᠪᠢᠯᠢᠭ᠌ Khongor khaliun-OyuunbilegХонгор халиун-Оюунбилэг

ᠠᠩᠭᠢᠯᠠᠯ:ᠳᠠᠭᠤᠤ ᠬᠥᠭᠵᠢᠮ
2026-02-26

388

ᠬᠣᠩᠭᠣᠷ ᠬᠠᠯᠢᠭᠤᠨ


   ᠦᠭᠡ᠄ ᠳ· ᠬᠤᠪᠢᠰᠬᠠᠯᠲᠤ 
   ᠠᠶ᠎ᠠ᠄ ᠱ  · ᠠᠯᠲᠠᠨᠲᠤᠭᠤᠯᠭ᠎ᠠ 
   ᠳᠠᠭᠤᠴᠢᠨ᠄ ᠣᠶᠤᠨᠪᠢᠯᠢᠭ᠌ 
   ᠪᠥᠵᠢᠭ ᠨᠠᠷᠠᠨ ᠵᠦᠭ ᠪᠡᠶ᠎ᠡ ᠪᠡᠶᠡᠯᠡᠭᠡ 

ᠡᠪᠡᠰᠦᠨ ᠰᠢᠭᠦᠳᠡᠷᠢ ᠪᠤᠳᠠᠷᠠᠭᠠᠨ ᠵᠣᠭᠰᠣᠭ᠎ᠠ ᠤᠨᠠᠭᠰᠠᠨ ᠤᠨᠠᠭ᠎ᠠ ᠠ᠋ 
ᠥᠷᠯᠥᠭᠡᠨ ᠦ᠌ ᠨᠠᠷᠠᠨ ᠳ᠋ᠤ᠌ ᠤᠬᠢᠶᠠᠭᠳᠠᠭᠰᠠᠨ ᠥᠨᠢᠷ ᠰᠦᠷᠦᠭ ᠦ᠋ᠨ ᠣᠳᠣ ᠮᠢᠨᠦ 
ᠪᠠᠷ᠎ᠠ ᠶ᠋ᠢᠨ ᠭᠠᠵᠠᠷ ᠠ᠋ᠴᠠ ᠲᠠᠰᠤᠷᠠᠭᠰᠠᠨ ᠬᠤᠯᠠᠨ ᠵᠡᠭᠡᠷᠳᠡ ᠶ᠋ᠢᠨ ᠤᠳᠤᠮ 
ᠪᠠᠶᠠᠰᠤᠯᠳᠤ ᠨᠠᠢᠷ ᠤ᠋ᠨ ᠴᠢᠮᠡᠭ ᠬᠤᠷᠳᠤᠨ  
ᠬᠣᠩᠭᠣᠷ ᠬᠠᠯᠢᠭᠤᠨ ᠮᠢᠨᠦ 
ᠳᠡᠯ ᠲᠡᠢ ᠰᠤᠮᠤ ᠰᠢᠭ᠋ ᠬᠠᠷᠪᠤᠭᠠᠨ ᠭᠠᠷᠤᠯ᠎ᠠ 
ᠳᠡᠰ ᠪᠦᠷᠭᠦᠳ ᠰᠢᠭ ᠳᠡᠭᠦᠯᠢᠭᠡᠳ ᠭᠠᠷᠤᠯ᠎ᠠ 
ᠭᠤᠷᠤᠢ ᠭᠤᠷᠤᠢ ᠭᠣᠷᠣᠢ 
ᠬᠤᠷᠳᠤᠨ ᠬᠣᠩᠭᠣᠷ ᠬᠦᠯᠦᠭ ᠮᠢᠨᠦ 

ᠲᠣᠯᠢ ᠮᠥᠩᠭᠥᠨ ᠬᠠᠵᠠᠭᠠᠷ ᠢ᠋ ᠠᠮᠠᠭᠠᠢ ᠳᠠᠷᠤᠨ ᠬᠤᠷᠳᠤᠯᠠᠭᠰᠠᠨ
ᠳᠡᠨᠵᠢ ᠬᠣᠲᠣᠢᠮ᠎ᠠ ᠨᠠᠭᠠᠳᠤᠮ ᠤ᠋ᠨ ᠠᠵᠠ ᠶ᠋ᠢᠨ ᠬᠡᠰᠢᠭ ᠬᠤᠷᠤᠢᠯᠠᠭᠰᠠᠨ
ᠮᠣᠩᠭᠣᠯ ᠲᠦᠮᠡᠨ ᠦ᠌ ᠪᠠᠶᠠᠰᠬᠤᠯᠠᠩ ᠮᠣᠯᠣᠷ ᠡᠷᠳᠡᠨᠢ ᠶ᠋ᠢᠨ ᠠᠷᠭᠤᠮᠠᠭ ᠮᠢᠨᠦ
ᠮᠢᠨᠦ ᠨᠤᠲᠤᠭ ᠤ᠋ᠨ ᠦᠵᠡᠰᠬᠦᠯᠡᠩ ᠮᠠᠩᠯᠠᠢ ᠲᠦᠷᠭᠡᠨ ᠠᠷᠠᠨᠵᠠᠯ ᠮᠢᠨᠦ
ᠬᠦᠷᠡᠩ ᠠᠭᠤᠯᠠᠰ ᠢ᠋ ᠳᠠᠪᠠᠭᠠᠳ ᠢᠷᠡᠯ᠎ᠡ
ᠬᠥᠨᠳᠡᠢ ᠭᠣᠪᠢ ᠶ᠋ᠢ ᠳᠤᠭᠤᠯᠤᠭᠠᠳ ᠢᠷᠡᠯ᠎ᠡ
ᠬᠤᠷᠤᠢ ᠬᠤᠷᠤᠢ ᠬᠤᠷᠤᠢ
ᠬᠣᠩᠭᠣᠷ ᠬᠠᠯᠢᠭᠤᠨ ᠵᠢᠭᠦᠷ ᠮᠢᠨᠦ

ᠰᠠᠯᠬᠢᠨ ᠳ᠋ᠤ᠌ ᠴᠢᠬᠢ ᠪᠡᠨ ᠬᠢᠷᠪᠢᠭᠦᠯᠦᠭᠰᠡᠨ ᠰᠢᠨᠳᠠᠰᠤᠲᠤ ᠬᠦᠯᠦᠭ ᠦ᠋ᠨ ᠠᠯᠳᠠᠷᠠᠢ
ᠽᠠᠮᠪᠤᠯᠢᠩ ᠳ᠋ᠤ᠌ ᠴᠣᠯᠠ ᠪᠠᠨ ᠳᠠᠭᠤᠳᠠᠭᠤᠯᠤᠭᠰᠠᠨ ᠰᠠᠢᠬᠠᠨ ᠨᠠᠢᠷ ᠤ᠋ᠨ ᠠᠵᠢᠨᠠᠢ ᠮᠢᠨᠦ
ᠤᠯᠤᠰ ᠤ᠋ᠨ ᠨᠠᠭᠠᠳᠤᠮ ᠤ᠋ᠨ ᠣᠳᠣᠨ ᠢ᠋ᠶ᠋ᠠᠷ ᠡᠵᠡᠨ ᠢ᠋ᠶ᠋ᠡᠨ ᠭᠤᠶᠤᠭᠰᠠᠨ ᠬᠡᠢᠮᠣᠷᠢ ᠪᠠᠨ
ᠤᠳᠤᠮ ᠤ᠋ᠨ ᠰᠤᠳᠤᠷ  ᠲᠤ᠌ ᠥᠨᠢ ᠴᠠᠬᠢᠯᠤᠭᠰᠠᠨ ᠳᠣᠮᠣᠭ ᠠ᠋
ᠬᠤᠷᠠᠭᠰᠠᠨ ᠣᠯᠠᠨ ᠱᠤᠤᠭᠢᠭᠠᠳ ᠲᠣᠰᠤᠯ᠎ᠠ
ᠬᠤᠯᠤ ᠲᠠᠢ ᠠᠢᠷᠠᠭ ᠰᠡᠩᠬᠢ ᠲᠠᠲᠠᠯ᠎ᠠ
ᠭᠤᠷᠤᠢ ᠭᠣᠷᠣᠢ ᠭᠣᠷᠣᠢ
ᠬᠣᠩᠭᠣᠷ ᠬᠠᠯᠢᠭᠤᠨ ᠵᠢᠭᠦᠷ ᠮᠢᠨᠦ
ᠬᠤᠷᠠᠭᠰᠠᠨ ᠣᠯᠠᠨ ᠱᠤᠤᠭᠢᠭᠠᠳ ᠲᠣᠰᠤᠯ᠎ᠠ
ᠬᠤᠯᠤ ᠲᠠᠢ ᠠᠢᠷᠠᠭ ᠰᠡᠩᠬᠢ ᠲᠠᠲᠠᠯ᠎ᠠ
ᠬᠤᠷᠤᠢ ᠬᠤᠷᠤᠢ ᠬᠤᠷᠤᠢ
ᠬᠣᠩᠭᠣᠷ ᠬᠠᠯᠢᠭᠤᠨ ᠵᠢᠭᠦᠷ ᠮᠢᠨᠦ
ᠬᠣᠩᠭᠣᠷ ᠬᠠᠯᠢᠭᠤᠨ ᠵᠢᠭᠦᠷ ᠮᠢᠨᠦ

  ᠦᠰᠦᠭ ᠠᠮᠢᠯᠠᠭᠤᠯᠤᠭᠴᠢ᠄ ᠪᠠᠢ ᠰᠠᠷᠠᠨ᠎ᠠ