ᠨᠠᠭᠤᠷ ᠤ᠋ᠨ ᠮᠠᠩᠬ᠎ᠠ-ᠡᠷᠳᠡᠨᠢᠴᠢᠮᠡᠭNuuryn mankh-ErdenchimgeeНуурын манх-Эрдэнчимгээ
ᠨᠠᠭᠤᠷ ᠤ᠋ᠨ ᠮᠠᠩᠬ᠎ᠠ
ᠦᠭᠡ᠄ ᠨ·ᠡᠩᠬᠡ
ᠠᠶ᠎ᠠ᠄ ᠳᠡᠯᠭᠡᠷ
ᠳᠠᠭᠤᠴᠢᠨ᠄ ᠡᠷᠳᠡᠨᠢᠴᠢᠮᠡᠭ
ᠰᠦᠮᠡᠭᠡᠷ ᠰᠦᠮᠡᠭᠡᠷ ᠵᠡᠷᠭᠡᠯᠭᠡᠨ ᠳ᠋ᠦ᠍ ᠨᠢ ᠡᠵᠢ ᠶ᠋ᠢᠨ ᠪᠠᠷ᠎ᠠ ᠲᠣᠳᠣᠷᠠᠩᠬᠠᠨ
ᠰᠡᠩᠭᠢᠨᠡᠨ ᠦᠯᠢᠶᠡᠬᠦ ᠵᠢᠪᠠᠷ ᠲᠤᠨᠢ ᠠᠪᠤ ᠶ᠋ᠢᠨ ᠵᠠᠬᠢᠶ᠎ᠠ ᠳᠣᠭᠣᠯᠳᠠᠩᠬᠠᠨ
ᠰᠡᠳᠬᠢᠯ ᠵᠢᠷᠦᠬᠡᠨ ᠦ᠌ ᠬᠠᠯᠠᠭᠤᠬᠠᠨ ᠥᠯᠥᠭᠡᠢ
ᠰᠡᠯᠡᠭᠦᠬᠡᠨ ᠰᠢᠷᠭᠠᠯ ᠨᠠᠭᠤᠷ ᠤ᠋ᠨ ᠮᠠᠩᠬ᠎ᠠ ᠮᠢᠨᠢ
ᠠᠢ ᠬᠦ
ᠨᠣᠮᠢᠨ ᠪᠦᠷᠢᠳᠦ ᠲᠡᠢ ᠠᠮᠤᠭᠤᠯᠠᠩ ᠣᠷᠣᠨ
ᠨᠠᠢᠭᠤᠰ ᠨᠠᠢᠭᠤᠰ ᠪᠤᠷᠭᠠᠰᠤᠨ ᠳ᠋ᠤᠨᠢ ᠨᠡᠭᠦᠳᠡᠯ ᠦ᠋ᠨ ᠰᠢᠪᠠᠭᠤ ᠳᠣᠩᠭᠣᠳᠤᠩᠬᠠᠨ
ᠨᠠᠷᠠᠯᠠᠭ ᠰᠠᠢᠬᠠᠨ ᠨᠥᠮᠥᠷᠢ ᠳ᠋ᠦ᠍ᠨᠢ ᠠᠳᠤᠭᠤ ᠮᠠᠯ ᠢᠷᠠᠯᠵᠠᠩᠬᠠᠨ
ᠨᠡᠷᠡᠲᠦ ᠶ᠋ᠢᠨ ᠵᠠᠶᠠᠭᠠᠨ ᠤ᠋ ᠬᠠᠯᠠᠭᠤᠬᠠᠨ ᠥᠯᠥᠭᠡᠢ
ᠨᠠᠮᠤᠭᠤᠬᠠᠨ ᠵᠥᠭᠡᠯᠡᠨ ᠨᠠᠭᠤᠷ ᠤ᠋ᠨ ᠮᠠᠩᠬ᠎ᠠ ᠮᠢᠨᠢ
ᠠᠢ ᠬᠦ
ᠨᠣᠮᠢᠨ ᠪᠦᠷᠢᠳᠦ ᠲᠡᠢ ᠠᠮᠤᠭᠤᠯᠠᠩ ᠣᠷᠣᠨ
ᠥᠨᠳᠥᠷ ᠥᠨᠳᠥᠷ ᠣᠷᠣᠢ ᠳ᠋ᠤᠨᠢ ᠨᠠᠷᠠᠨ ᠤ᠋ ᠭᠡᠷᠡᠯ ᠭᠢᠯᠠᠰᠤᠩᠬᠠᠨ
ᠦᠶ᠎ᠡ ᠦᠶ᠎ᠡ ᠶ᠋ᠢᠨ ᠬᠡᠦᠬᠡᠳ ᠦ᠋ᠳ ᠲᠦ᠍ ᠪᠡᠨ ᠦᠯᠢᠭᠡᠷ ᠳᠣᠮᠣᠭ ᠦᠯᠡᠳᠡᠭᠡᠭᠰᠡᠨ
ᠡᠪᠦᠭᠡ ᠳᠡᠭᠡᠳᠦᠰ ᠦ᠋ᠨ ᠥᠪᠯᠡᠭᠰᠡᠨ ᠥᠯᠥᠭᠡᠢ
ᠥᠨᠢᠳᠡ ᠶ᠋ᠢᠨ ᠰᠢᠲᠦᠭᠡᠨᠲᠦ ᠨᠠᠭᠤᠷ ᠤ᠋ᠨ ᠮᠠᠩᠬ᠎ᠠ ᠮᠢᠨᠢ
ᠠᠢ ᠬᠦ
ᠨᠣᠮᠢᠨ ᠪᠦᠷᠢᠳᠦ ᠲᠡᠢ ᠠᠮᠤᠭᠤᠯᠠᠩ ᠣᠷᠣᠨ
ᠡᠪᠦᠭᠡ ᠳᠡᠭᠡᠳᠦᠰ ᠦ᠋ᠨ ᠥᠪᠯᠡᠭᠰᠡᠨ ᠥᠯᠥᠭᠡᠢ
ᠥᠨᠢᠳᠡ ᠶ᠋ᠢᠨ ᠰᠢᠲᠦᠭᠡᠨᠲᠦ ᠨᠠᠭᠤᠷ ᠤ᠋ᠨ ᠮᠠᠩᠬ᠎ᠠ ᠮᠢᠨᠢ
ᠠᠢ ᠬᠦ
ᠨᠣᠮᠢᠨ ᠪᠦᠷᠢᠳᠦ ᠲᠡᠢ ᠠᠮᠤᠭᠤᠯᠠᠩ ᠣᠷᠣᠨ
ᠠᠢ ᠬᠦ
ᠨᠣᠮᠢᠨ ᠪᠦᠷᠢᠳᠦ ᠲᠡᠢ ᠠᠮᠤᠭᠤᠯᠠᠩ ᠣᠷᠣᠨ
ᠦᠰᠦᠭ ᠠᠮᠢᠯᠠᠭᠤᠯᠤᠭᠴᠢ᠂ ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠣᠳᠬᠠᠨᠰᠣ᠎ᠠ
