ᠡᠵᠢ ᠮᠢᠨᠢ- ᠮᠠᠨᠳᠠᠷᠠᠸ᠎ᠠЭэж минь-Чи- Мандарваа
ᠡᠵᠢ ᠮᠢᠨᠢ
ᠦᠭᠡ᠄ ᠪᠠᠰᠤᠳ ᠪᠠᠲᠤᠴᠢᠯᠠᠭᠤ
ᠠᠶ᠎ᠠ᠄ ᠣᠶᠤᠨᠮᠥ᠋ᠷᠡᠨ
ᠨᠢᠭᠤᠴᠠᠬᠠᠨ ᠳᠠᠯᠳᠠ ᠶ᠋ᠢᠨ ᠶᠢᠷᠲᠢᠨᠴᠦ ᠡᠴᠡ
ᠣᠷᠴᠢᠯᠠᠩ ᠳ᠋ᠤ᠌ ᠪᠢ ᠢᠷᠡᠵᠦ
ᠨᠣᠮᠢᠨ ᠬᠥᠬᠡ ᠲᠩᠷᠢ ᠶ᠋ᠢ
ᠡᠭᠦᠯᠡ ᠲᠡᠢ ᠨᠢ ᠬᠠᠮᠲᠤ ᠬᠠᠷᠠᠭᠰᠠᠨ ᠶᠤᠮ
ᠨᠤᠲᠤᠭ ᠡᠵᠢ ᠬᠣᠶᠠᠷ ᠦᠨ ᠢᠶ᠋ᠡᠨ
ᠨᠢᠷᠤᠭᠤ ᠪᠣᠯᠤᠨ ᠡᠯᠢᠭᠡᠨ ᠳᠡᠭᠡᠷ᠎ᠡ ᠨᠢ ᠪᠢ
ᠨᠣᠢᠷ ᠵᠡᠭᠦᠳᠦ ᠬᠣᠶᠠᠷ ᠤᠨ ᠳᠤᠮᠳᠠ
ᠤᠬᠢᠯᠠᠩᠬᠠᠨ ᠪᠠᠢᠵᠤ ᠥᠰᠦᠭᠰᠡᠨ ᠶᠤᠮ
ᠳᠡᠯᠡᠬᠡᠢ ᠳ᠋ᠤ᠌ ᠭᠠᠭᠴᠠᠬᠠᠨ ᠪᠠᠢᠳᠠᠭ
ᠳᠡᠩᠳᠡᠭᠦᠦ ᠠᠴᠢ ᠲᠠᠢ ᠡᠵᠢ ᠮᠢᠨᠢ
ᠳᠡᠷᠭᠡᠳᠡ ᠴᠢᠨᠢ ᠡᠷᠬᠡᠯᠡᠭᠰᠡᠨ ᠡᠳᠥᠷ ᠢᠶ᠋ᠡᠨ
ᠳᠠᠩᠳᠠ ᠪᠡᠨ ᠰᠠᠨᠠᠬᠤ ᠶᠤᠮ ᠡᠵᠢ ᠡ
ᠲᠡᠩ ᠤᠨ ᠵᠢᠩ ᠳ᠋ᠤ᠌ ᠥᠭᠡᠷ᠎ᠡ ᠶᠡᠷᠦ ᠳ᠋ᠡᠭᠡᠨ
ᠲᠡᠩᠴᠡᠬᠦ ᠵᠦᠢᠯ ᠦᠭᠡᠢ ᠬᠠᠢᠷ᠎ᠠ ᠶ᠋ᠢ ᠲᠠᠨᠢ
ᠳᠤᠯᠠᠢᠮᠠ ᠡᠨᠡᠬᠡᠨ ᠬᠣᠷᠸ᠎ᠠ ᠳᠤ
ᠳᠠᠬᠢᠵᠤ ᠬᠠᠮᠢᠭ᠎ᠠ ᠠ᠋ᠴᠠ ᠤᠯᠬᠤ ᠶᠤᠮ ᠪᠣᠢ
ᠡᠴᠢᠨ᠎ᠡ ᠳᠠᠯᠳᠠ ᠶ᠋ᠢᠨ ᠶᠢᠷᠲᠢᠨᠴᠦ ᠡᠴᠡ
ᠬᠣᠷᠸ᠎ᠠ ᠳᠤ ᠪᠢ ᠢᠷᠡᠵᠦ
ᠡᠬᠡ ᠪᠠᠢᠭᠠᠯᠢ ᠳᠡᠯᠡᠬᠡᠢ ᠪᠡᠨ
ᠤᠷᠭᠤᠮᠠᠯ ᠲᠠᠢ ᠨᠢ ᠬᠠᠮᠲᠤ ᠦᠵᠡᠭᠰᠡᠨ ᠶᠤᠮ
ᠡᠵᠢ ᠨᠤᠲᠤᠭ ᠬᠣᠶᠠᠷ ᠤᠨ ᠢᠶ᠋ᠠᠨ
ᠡᠪᠦᠷ ᠪᠣᠯᠤᠨ ᠡᠩᠭᠡᠷ ᠳᠡᠭᠡᠷ᠎ᠡ ᠨᠢ ᠪᠢ
ᠡᠩᠬᠦᠷᠡᠢᠯᠡᠯ ᠪᠦᠪᠡᠢᠯᠡᠯ ᠬᠣᠶᠠᠷ ᠤᠨ ᠳᠤᠮᠳᠠ
ᠢᠨᠢᠶᠡᠩᠬᠡᠨ ᠪᠠᠢᠵᠤ ᠥᠰᠦᠭᠰᠡᠨ ᠶᠤᠮ
ᠨᠢᠳᠦ ᠦᠭᠡᠢ ᠣᠷᠴᠢᠯᠠᠩ ᠤᠨ ᠵᠠᠢ ᠳ᠋ᠤ᠌ ᠬᠢ
ᠮᠡᠳᠡᠬᠦ ᠦᠭᠡᠢ ᠣᠯᠠᠨ ᠵᠣᠪᠠᠯᠠᠩ ᠠ᠋ᠴᠠ
ᠨᠢᠭᠦᠯᠡᠰᠦᠩᠭᠦᠢ ᠶ᠋ᠢᠨ ᠪᠤᠶᠠᠨ ᠢ ᠬᠤᠷᠤᠢᠯᠠᠨ
ᠰᠠᠴᠤᠯᠢ ᠪᠠᠨ ᠡᠷᠭᠦᠳᠡᠭ ᠡᠵᠢ ᠮᠢᠨᠢ
ᠨᠢᠭᠦᠯ ᠦᠨ ᠢᠷᠣᠭᠠᠷ ᠦᠭᠡᠢ ᠬᠥᠪ ᠲᠤ᠌ ᠬᠢ
ᠬᠠᠨᠤᠰᠢ ᠦᠭᠡᠢ ᠰᠡᠳᠬᠢᠯ ᠦᠨ ᠲᠠᠮᠤᠯᠠᠯ ᠠ᠋ᠴᠠ
ᠨᠣᠮ ᠤᠨ ᠦᠨᠡᠨ ᠢ ᠰᠦᠵᠢᠭᠯᠡᠨ
ᠨᠠᠮᠠᠶ᠋ᠢ ᠪᠠᠨ ᠭᠡᠭᠡᠷᠡᠭᠦᠯᠦᠭᠰᠡᠨ ᠪᠤᠷᠬᠠᠨ ᠮᠢᠨᠢ ᠡ
