ᠴᠡᠴᠡᠭ ᠦ᠋ᠨ ᠦᠨᠦᠷ ᠲᠡᠢ ᠨᠤᠲᠤᠭ- ᠴ᠂ ᠦᠯᠵᠡᠶ᠋ᠢᠰᠠᠶ᠋ᠢᠬᠠᠨTsetsgiin ünertei nutag-Ts,ÖlziisaikhanЦэцгийн үнэртэй нутаг-Ц,Өлзийсайхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠴᠡᠭ ᠦ᠋ᠨ ᠦᠨᠦᠷ ᠲᠡᠢ ᠨᠤᠲᠤᠭ- ᠴ᠂ ᠦᠯᠵᠡᠶ᠋ᠢᠰᠠᠶ᠋ᠢᠬᠠᠨTsetsgiin ünertei nutag-Ts,ÖlziisaikhanЦэцгийн үнэртэй нутаг-Ц,Өлзийсайхан

ᠴᠡᠴᠡᠭ ᠦ᠋ᠨ ᠦᠨᠦᠷ ᠲᠡᠢ ᠨᠤᠲᠤᠭ- ᠴ᠂ ᠦᠯᠵᠡᠶ᠋ᠢᠰᠠᠶ᠋ᠢᠬᠠᠨTsetsgiin ünertei nutag-Ts,ÖlziisaikhanЦэцгийн үнэртэй нутаг-Ц,Өлзийсайхан

ᠠᠩᠭᠢᠯᠠᠯ:ᠳᠠᠭᠤᠤ ᠬᠥᠭᠵᠢᠮ
2026-02-23

985

ᠴᠡᠴᠡᠭ ᠦ᠋ᠨ ᠦᠨᠦᠷ ᠲᠡᠢ ᠨᠤᠲᠤᠭ


   ᠦᠭᠡ᠄ ᠮ᠂ ᠴᠠᠷᠠᠩᠲᠣᠭᠲᠠᠬᠤ 
   ᠠᠶ᠎ᠠ᠄ ᠣ᠂ ᠡᠷᠳᠡᠨᠢ 
   ᠳᠠᠭᠤᠴᠢᠨ᠄ ᠴ᠂ ᠦᠯᠵᠡᠶ᠋ᠢᠰᠠᠶ᠋ᠢᠬᠠᠨ 

ᠰᠠᠨᠰᠠᠷ ᠠᠭᠤᠳᠠᠮ ᠬᠥᠨᠳᠡᠢ ᠳ᠋ᠦ᠍ ᠪᠡᠨ 
ᠰᠠᠯᠬᠢᠨ ᠤ᠋ ᠵᠥᠭᠡᠯᠡᠨ ᠡᠬᠡᠰᠢᠭ ᠲᠡᠢ 
ᠰᠠᠢᠬᠠᠨ ᠪᠤᠭᠤᠷᠤᠯ ᠡᠵᠢ ᠶ᠋ᠢᠨ ᠮᠢᠨᠢ 
ᠰᠡᠳᠬᠢᠯ ᠦ᠋ᠨ ᠰᠦᠨ ᠡᠷᠭᠦᠯ ᠲᠡᠢ 

ᠠᠯᠳᠠᠷᠠᠢ ᠨᠠᠰᠤᠨ ᠠ᠋ᠴᠠ ᠢᠪᠡᠭᠡᠭᠰᠡᠨ 
ᠮᠥᠩᠬᠡ ᠶ᠋ᠢᠨ ᠡᠨᠡᠷᠢᠯᠲᠦ ᠥᠯᠥᠭᠡᠢ 
ᠠᠩᠬᠢᠯᠤᠭᠤᠨ ᠴᠡᠴᠡᠭ ᠦ᠋ᠨ ᠦᠨᠦᠷ ᠲᠡᠢ 
ᠮᠢᠨᠦ ᠲᠥᠷᠥᠭᠰᠡᠨ ᠨᠤᠲᠤᠭ ᠠ᠋ ᠬᠦ 

ᠠᠯᠠᠭ ᠴᠡᠴᠡᠭᠡᠰ ᠢ᠋ᠶ᠋ᠡᠷ  ᠡᠮᠵᠢᠭᠳᠡᠭᠰᠡᠨ
ᠠᠯᠤᠰ ᠤ᠋ᠨ ᠠᠭᠤᠯᠠᠰ ᠨᠢ ᠪᠠᠷ᠎ᠠ ᠲᠠᠢ
ᠠᠮᠢᠨ ᠬᠠᠢᠷᠠᠲᠠᠢ ᠡᠵᠢ ᠶ᠋ᠢᠨ ᠮᠢᠨᠢ
ᠠᠮᠢᠳᠤᠷᠠᠵᠤ ᠵᠢᠷᠭᠠᠭᠰᠠᠨ ᠳᠤᠷᠠᠰᠤᠮᠵᠢ ᠲᠠᠢ

ᠠᠯᠳᠠᠷᠠᠢ ᠨᠠᠰᠤᠨ ᠠ᠋ᠴᠠ ᠢᠪᠡᠭᠡᠭᠰᠡᠨ
ᠮᠥᠩᠬᠡ ᠶ᠋ᠢᠨ ᠡᠨᠡᠷᠢᠯᠲᠦ ᠥᠯᠥᠭᠡᠢ
ᠠᠩᠬᠢᠯᠤᠭᠤᠨ ᠴᠡᠴᠡᠭ ᠦ᠋ᠨ ᠦᠨᠦᠷ ᠲᠡᠢ
ᠮᠢᠨᠦ ᠲᠥᠷᠥᠭᠰᠡᠨ ᠨᠤᠲᠤᠭ ᠠ᠋ ᠬᠦ

ᠪᠤᠳᠠᠩ ᠰᠤᠭᠤᠨᠠᠭ ᠬᠥᠪᠰᠥᠯᠵᠡᠭᠰᠡᠨ 
ᠪᠣᠶ᠋ᠢᠲᠠᠬᠠᠨ ᠰᠦᠷᠦᠭ ᠦ᠋ᠨ ᠪᠡᠯᠴᠢᠭᠡᠷ ᠲᠡᠢ
ᠪᠤᠶᠠᠨᠲᠠᠢ ᠰᠠᠢᠬᠠᠨ ᠡᠵᠢ ᠶ᠋ᠢᠨ ᠮᠢᠨᠢ
ᠪᠤᠷᠬᠠᠨ ᠬᠠᠢᠷ᠎ᠠ ᠶ᠋ᠢᠨ ᠣᠨᠳᠣᠷᠭ᠎ᠠ ᠲᠠᠢ

ᠠᠯᠳᠠᠷᠠᠢ ᠨᠠᠰᠤᠨ ᠠ᠋ᠴᠠ ᠢᠪᠡᠭᠡᠭᠰᠡᠨ
ᠮᠥᠩᠬᠡ ᠶ᠋ᠢᠨ ᠡᠨᠡᠷᠢᠯᠲᠦ ᠥᠯᠥᠭᠡᠢ
ᠠᠩᠬᠢᠯᠤᠭᠤᠨ ᠴᠡᠴᠡᠭ ᠦ᠋ᠨ ᠦᠨᠦᠷ ᠲᠡᠢ
ᠮᠢᠨᠦ ᠲᠥᠷᠥᠭᠰᠡᠨ ᠨᠤᠲᠤᠭ ᠠ᠋ ᠬᠦ

( ᠳᠠᠬᠢᠯᠲᠠ)

   ᠦᠰᠦᠭ ᠠᠮᠢᠯᠠᠭᠤᠯᠵᠤ ᠬᠠᠲᠠᠭᠰᠠᠨ ᠨᠢ᠄ ᠰᠣᠳᠣ