ᠰᠠᠢᠨ ᠤ᠋ ᠢᠷᠦᠭᠡᠯ ᠲᠡᠢ ᠴᠠᠭᠠᠨ ᠰᠠᠷ᠎ᠠ -ᠨᠠᠷᠠᠰᠤ᠂ ᠣᠷᠴᠢᠯᠠᠩ Сайны ерөөлтэй цагаан сар-Нарс,Орчлон ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠤ᠋ ᠢᠷᠦᠭᠡᠯ ᠲᠡᠢ ᠴᠠᠭᠠᠨ ᠰᠠᠷ᠎ᠠ -ᠨᠠᠷᠠᠰᠤ᠂ ᠣᠷᠴᠢᠯᠠᠩ Сайны ерөөлтэй цагаан сар-Нарс,Орчлон

ᠰᠠᠢᠨ ᠤ᠋ ᠢᠷᠦᠭᠡᠯ ᠲᠡᠢ ᠴᠠᠭᠠᠨ ᠰᠠᠷ᠎ᠠ -ᠨᠠᠷᠠᠰᠤ᠂ ᠣᠷᠴᠢᠯᠠᠩ Сайны ерөөлтэй цагаан сар-Нарс,Орчлон

ᠠᠩᠭᠢᠯᠠᠯ:ᠳᠠᠭᠤᠤ ᠬᠥᠭᠵᠢᠮ
2026-02-22

559

ᠰᠠᠢᠨ ᠤ᠋ ᠢᠷᠦᠭᠡᠯ ᠲᠡᠢ ᠴᠠᠭᠠᠨ ᠰᠠᠷ᠎ᠠ


   ᠦᠭᠡ᠄ ᠨ  · ᠪᠠᠶᠠᠰᠤᠯ 
   ᠠᠶ᠎ᠠ᠄ ᠡ᠊  · ᠨᠠᠷᠠᠰᠤ 
   ᠳᠠᠭᠤᠴᠢᠨ᠄ ᠨᠠᠷᠠᠰᠤ᠂ ᠣᠷᠴᠢᠯᠠᠩ 

ᠠᠵᠠ ᠶ᠋ᠢᠨ ᠴᠡᠩᠬᠡᠷ ᠬᠠᠳᠠᠭ ᠢ᠋ᠶ᠋ᠠᠨ ᠳᠡᠯᠭᠡᠭᠡᠳ 
ᠠᠬᠠᠮᠠᠳ ᠪᠤᠭᠤᠷᠤᠯ ᠲᠠᠢ ᠪᠠᠨ ᠰᠥᠬᠥᠷᠡᠨ ᠵᠣᠯᠭᠠᠶ᠎ᠠ 
ᠠᠮᠠᠨ ᠢᠷᠦᠭᠡᠯ ᠢ᠋ ᠨᠢ ᠳᠡᠭᠡᠵᠢᠯᠡᠨ ᠰᠣᠨᠣᠰᠤᠭᠠᠳ 
ᠠᠰᠢᠳᠠ ᠶ᠋ᠢᠨ ᠵᠢᠷᠭᠠᠯ ᠢ᠋ᠶ᠋ᠠᠨ ᠪᠡᠯᠭᠡᠳᠡᠨ ᠪᠡᠯᠭᠡᠳᠡᠨ ᠬᠤᠷᠤᠢᠯᠠᠶ᠎ᠠ 
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠠᠭᠠᠨ 
ᠰᠠᠨᠠᠭ᠎ᠠ ᠰᠡᠳᠬᠢᠯ ᠲᠠᠢᠪᠤᠭᠤᠨ ᠰᠢᠨᠡᠯᠡᠶ᠎ᠡ 
ᠰᠠᠢᠬᠠᠨ ᠤ᠋ ᠢᠷᠦᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ 
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ

ᠡᠶ᠎ᠡ ᠶ᠋ᠢᠨ ᠮᠥᠩᠭᠥᠨ ᠬᠥᠬᠦᠦᠷ ᠢ᠋ᠶ᠋ᠡᠨ ᠰᠣᠯᠢᠯᠴᠠᠭᠠᠳ 
ᠡᠯᠢᠭᠡ ᠨᠢᠭᠡᠲᠡᠢ ᠨᠥᠬᠥᠳ ᠲᠡᠢ ᠪᠡᠨ ᠤᠴᠠᠷᠠᠨ ᠵᠣᠯᠭᠠᠶ᠎ᠠ
ᠡᠪ ᠦ᠋ᠨ ᠵᠢᠷᠤᠮ ᠢ᠋ᠶ᠋ᠠᠨ ᠨᠠᠨᠳᠢᠩᠨᠠᠨ ᠳᠡᠭᠡᠳᠦᠯᠡᠭᠡᠳ
ᠡᠳ᠋ ᠦ᠋ᠨ ᠪᠤᠶᠠᠨ ᠢ᠋ ᠨᠢ ᠳᠠᠭᠠᠳᠬᠠᠨ ᠳᠠᠭᠠᠳᠬᠠᠨ ᠬᠦᠰᠡᠶ᠎ᠡ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠠᠭᠠᠨ
ᠰᠠᠨᠠᠭ᠎ᠠ ᠰᠡᠳᠬᠢᠯ ᠲᠠᠢᠪᠤᠭᠤᠨ ᠰᠢᠨᠡᠯᠡᠶ᠎ᠡ
ᠰᠠᠢᠬᠠᠨ ᠤ᠋ ᠢᠷᠦᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ

ᠡᠪ ᠦ᠋ᠨ ᠢᠷᠠᠭᠤ ᠨᠣᠮ ᠢ᠋ᠶ᠋ᠠᠨ  ᠡᠪᠦᠷᠯᠡᠭᠡᠳ 
ᠥᠭᠡᠯᠡᠢ ᠦᠷ᠎ᠡ ᠳ᠋ᠦ᠍ ᠪᠡᠨ ᠪᠡᠯᠭᠡᠳᠡᠨ ᠬᠦᠷᠭᠡᠶ᠎ᠡ
ᠥᠭᠡᠳᠡ ᠪᠡᠨ ᠵᠠᠶᠠᠭ᠎ᠠ ᠶ᠋ᠢ ᠨᠢ ᠵᠥᠩᠨᠡᠨ ᠢᠷᠦᠭᠡᠭᠡᠳ
ᠥᠭᠭᠢᠶᠡᠮᠦᠷ ᠬᠠᠢᠷ᠎ᠠ ᠪᠠᠷ ᠢ᠋ᠶ᠋ᠠᠨ ᠲᠠᠭᠠᠰᠢᠶᠠᠨ ᠮᠢᠯᠢᠶᠠᠶ᠎ᠠ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠠᠭᠠᠨ
ᠰᠠᠨᠠᠭ᠎ᠠ ᠰᠡᠳᠬᠢᠯ ᠲᠠᠢᠪᠤᠭᠤᠨ ᠰᠢᠨᠡᠯᠡᠶ᠎ᠡ
ᠰᠠᠢᠬᠠᠨ  ᠤ᠋ ᠢᠷᠦᠭᠡᠯ ᠲᠡᠢ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠠᠭᠠᠨ
ᠰᠠᠨᠠᠭ᠎ᠠ ᠰᠡᠳᠬᠢᠯ ᠲᠠᠢᠪᠤᠭᠤᠨ ᠰᠢᠨᠠᠯᠠᠶ᠎ᠠ
ᠰᠠᠢᠬᠠᠨ ᠤ᠋ ᠢᠷᠦᠭᠡᠯ ᠲᠡᠢ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠠᠭᠠᠨ
ᠰᠠᠨᠠᠭ᠎ᠠ ᠰᠡᠳᠬᠢᠯ ᠲᠠᠢᠪᠤᠭᠤᠨ ᠰᠢᠨᠠᠯᠠᠶ᠎ᠠ
ᠰᠠᠢᠬᠠᠨ ᠤ᠋ ᠢᠪᠡᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ

  ᠦᠰᠦᠭ ᠠᠮᠢᠯᠠᠭᠤᠯᠤᠭᠴᠢ᠂ ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ᠄ ᠰᠣᠨᠢᠨᠪᠠᠶᠠᠷ