ᠥᠯᠥᠭᠡᠢ ᠨᠤᠲᠤᠭ ᠴᠠᠭᠠᠨᠬᠤᠸᠠ-ᠭᠡᠷᠡᠯᠲᠦ Өлгий нутаг цагаанухаа-Гэрэлт
ᠥᠯᠥᠭᠡᠢ ᠨᠤᠲᠤᠭ ᠴᠠᠭᠠᠨᠬᠤᠸᠠ
ᠦᠭᠡ᠄ ᠰᠡᠴᠡᠨᠪᠢᠯᠢᠭ
ᠠᠶ᠎ᠠ᠄ ᠡᠷᠳᠡᠨᠢᠬᠦᠦ
ᠳᠠᠭᠤᠴᠢᠨ᠄ ᠭᠡᠷᠡᠯᠲᠦ
ᠥᠨᠢ ᠤᠳᠠᠭᠠᠨ ᠲᠡᠦᠬᠡ ᠳᠣᠮᠣᠭ ᠲᠠᠢ
ᠥᠨᠳᠥᠷ ᠰᠦᠷᠯᠢᠭ ᠬᠣᠷᠭᠣᠲᠤ ᠶ᠋ᠢᠨ ᠠᠭᠤᠯᠠ ᠲᠠᠢ
ᠥᠷᠭᠡᠨ ᠠᠭᠤᠳᠠᠮ ᠢᠨᠵᠠᠭ᠎ᠠ ᠶ᠋ᠢᠨ ᠲᠠᠯ᠎ᠠ ᠳ᠋ᠠᠭᠠᠨ
ᠦᠵᠡᠮᠵᠢᠲᠦ ᠰᠠᠶᠢᠬᠠᠨ ᠬᠠᠢᠯᠠᠰᠤᠨ ᠣᠢ ᠲᠠᠢ
ᠥᠯᠥᠭᠡᠢ ᠨᠤᠲᠤᠭ ᠴᠠᠭᠠᠨᠬᠤᠸᠠ ᠮᠢᠨᠢ
ᠥᠷᠥᠴᠡ ᠵᠢᠷᠦᠬᠡᠨ ᠡᠴᠡ ᠤᠶᠠᠭᠠᠲᠠᠢ
ᠥᠯᠥᠭᠡᠢ ᠨᠤᠲᠤᠭ ᠴᠠᠭᠠᠨᠬᠤᠸᠠ ᠮᠢᠨᠢ
ᠥᠷᠥᠴᠡ ᠵᠢᠷᠦᠬᠡᠨ ᠡᠴᠡ ᠤᠶᠠᠭᠠᠲᠠᠢ᠃
ᠬᠠᠨᠠᠭᠠᠷ ᠲᠠᠯ᠎ᠠ ᠪᠠᠨ ᠰᠢᠮᠡᠵᠢᠭᠦᠯᠦᠭᠰᠡᠨ
ᠬᠠᠬᠢᠷ ᠤ᠋ᠨ ᠭᠣᠣᠯ ᠤ᠋ᠨ ᠤᠷᠤᠰᠬᠠᠯ ᠲᠠᠢ
ᠬᠠᠳᠤᠯᠠᠩ ᠪᠡᠯᠴᠢᠭᠡᠷ ᠨᠡᠯᠦᠢᠭᠰᠡᠨ
ᠬᠠᠷ᠎ᠠ ᠭᠤᠤ ᠬᠠᠨᠠᠲᠤ ᠶ᠋ᠢᠨ ᠮᠠᠩᠬ᠎ᠠ ᠲᠠᠢ᠃
ᠥᠯᠥᠭᠡᠢ ᠨᠤᠲᠤᠭ ᠴᠠᠭᠠᠨᠬᠤᠸᠠ ᠮᠢᠨᠢ
ᠥᠷᠥᠴᠡ ᠵᠢᠷᠦᠬᠡᠨ ᠡᠴᠡ ᠤᠶᠠᠭᠠᠲᠠᠢ
ᠥᠯᠥᠭᠡᠢ ᠨᠤᠲᠤᠭ ᠴᠠᠭᠠᠨᠬᠤᠸᠠ ᠮᠢᠨᠢ
ᠥᠷᠥᠴᠡ ᠵᠢᠷᠦᠬᠡᠨ ᠡᠴᠡ ᠤᠶᠠᠭᠠᠲᠠᠢ᠃
ᠲᠠᠷᠭᠤᠨ ᠰᠦᠷᠦᠭ ᠳᠠᠷᠬᠠᠨ ᠪᠡᠯᠴᠢᠭᠰᠡᠨ
ᠲᠢ ᠬᠤᠸᠠ ᠶ᠋ᠢᠨ ᠨᠣᠭᠣᠭᠠᠨ ᠲᠠᠯ᠎ᠠ ᠲᠠᠢ
ᠲᠠᠪᠤᠨ ᠲᠠᠷᠢᠶ᠎ᠠ ᠬᠠᠶᠠᠯᠠᠨ ᠬᠠᠯᠢᠭᠤᠷᠠᠭᠰᠠᠨ
ᠲᠠᠩᠰᠤᠭ ᠪᠠᠶᠠᠯᠢᠭ ᠲᠠᠯ᠎ᠠ ᠵᠦ ᠲᠡᠢ
ᠥᠯᠥᠭᠡᠢ ᠨᠤᠲᠤᠭ ᠴᠠᠭᠠᠨᠬᠤᠸᠠ ᠮᠢᠨᠢ
ᠥᠷᠥᠴᠡ ᠵᠢᠷᠦᠬᠡᠨ ᠡᠴᠡ ᠤᠶᠠᠭᠠᠲᠠᠢ
ᠥᠯᠥᠭᠡᠢ ᠨᠤᠲᠤᠭ ᠴᠠᠭᠠᠨᠬᠤᠸᠠ ᠮᠢᠨᠢ
ᠥᠷᠥᠴᠡ ᠵᠢᠷᠦᠬᠡᠨ ᠡᠴᠡ ᠤᠶᠠᠭᠠᠲᠠᠢ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
