ᠠᠪᠤ ᠡᠵᠢ ᠶ᠋ᠢᠨ ᠮᠢᠨᠢ ᠨᠤᠲᠤᠭ - ᠰᠠᠷᠠᠨᠬᠦᠦ Aav eejiin mini nutag-SarnkhüüАав ээжийн минь нутаг-Сарнхүү
ᠠᠪᠤ ᠡᠵᠢ ᠶ᠋ᠢᠨ ᠮᠢᠨᠢ ᠨᠤᠲᠤᠭ
ᠦᠭᠡ᠄ ᠰᠢ᠂ ᠮᠥᠷᠡᠨ
( ᠰᠡᠢᠨ᠎ᠡ ᠮᠣᠩᠭᠣᠯᠴᠢᠯᠠᠪᠠ )
ᠠᠶᠠᠯᠭᠤ᠄ ᠤᠯᠠᠭᠠᠨᠲᠤᠭ
ᠳᠠᠭᠤᠴᠢᠨ᠄ ᠰᠠᠷᠠᠨᠬᠦᠦ
ᠠᠪᠤ ᠮᠢᠨᠢ ᠲᠠᠩᠳᠠ ᠠᠭᠢᠲᠤ ᠲᠠᠯ᠎ᠠ ᠪᠠᠨ ᠳᠤᠷᠠᠰᠤᠨ ᠰᠠᠨᠠᠳᠠᠭ
ᠠᠯᠣᠰᠣᠷᠠᠨ ᠠᠯᠣᠰᠣᠷᠠᠨ ᠬᠣᠯᠠᠳᠠᠭᠰᠠᠨ ᠴᠤ᠌
ᠠᠮᠢᠨ ᠨᠤᠲᠤᠭ ᠢ᠋ᠶ᠋ᠠᠨ ᠮᠠᠷᠲᠠᠭ᠎ᠠ ᠦᠭᠡᠢ ᠶᠠᠪᠤᠭᠰᠠᠨ ᠠ᠋
ᠡᠵᠢ ᠮᠢᠨᠢ ᠲᠠᠩᠳᠠ ᠡᠯᠢᠭᠡᠨ ᠭᠣᠣᠯ ᠢ᠋ᠶ᠋ᠠᠨ ᠰᠡᠢᠯᠳᠡᠭ ᠪᠠᠢᠭᠰᠠᠨ
ᠡᠩᠭᠡᠷ ᠢ᠋ ᠨᠢ ᠳᠡᠪᠲᠦᠭᠡᠵᠦ ᠰᠤᠳᠠᠯ ᠢ᠋ᠶ᠋ᠠᠷ ᠨᠢ ᠯᠤᠭᠰᠢᠵᠤ
ᠡᠬᠡ ᠣᠷᠣᠨ ᠵᠦᠭ ᠢ᠋ᠶ᠋ᠡᠨ ᠤᠷᠤᠰᠳᠠᠭ ᠪᠠᠢᠭᠰᠠᠨ ᠠ᠋
ᠲᠡᠮᠡᠦᠯᠦᠨ ᠲᠡᠮᠡᠦᠯᠦᠭᠰᠡᠭᠡᠷ ᠲᠡᠨᠢᠭᠡᠷ ᠲᠠᠯ᠎ᠠ ᠳ᠋ᠤ᠌ ᠪᠠᠨ ᠬᠦᠷᠦᠭᠡᠳ ᠢᠷᠡᠯ᠎ᠡ
ᠲᠦᠮᠡᠨ ᠬᠡᠯᠬᠢᠶ᠎ᠡ ᠨᠢᠯᠪᠤᠰᠤ ᠮᠢᠨᠢ ᠲᠥᠷᠥᠭᠰᠡᠨ ᠨᠤᠲᠤᠭ ᠲᠤ᠌ ᠪᠠᠨ ᠮᠡᠯᠮᠡᠷᠡᠨ ᠰᠢᠩᠭᠡᠨ᠎ᠡ
ᠠᠷᠢᠭᠤᠨ ᠤᠷᠤᠰᠬᠠᠯᠲᠤ ᠭᠣᠣᠯ ᠮᠢᠨᠢ ᠠᠭᠤᠤ ᠳᠡᠭᠡᠳᠦᠰ ᠦ᠋ᠨ ᠢᠷᠦᠭᠡᠯ ᠢ᠋ ᠬᠠᠢᠯᠠᠨᠠ
ᠭᠡᠨᠡᠬᠡᠨ ᠦᠷ᠎ᠡ ᠳ᠋ᠦ᠍ ᠪᠡᠨ ᠬᠠᠢᠷ᠎ᠠ ᠪᠠᠨ ᠢᠪᠡᠭᠡᠵᠦ
ᠭᠡᠷ ᠲᠦ᠍ ᠪᠡᠨ ᠬᠠᠷᠢᠬᠤ ᠵᠠᠮ ᠢ᠋ ᠨᠢ ᠭᠡᠢᠭᠦᠯᠦᠨ᠎ᠡ
ᠠᠢ ᠬᠦ᠁ ᠠᠪᠤ ᠶ᠋ᠢᠨ ᠮᠢᠨᠢ ᠤᠤᠭᠠᠯ ᠨᠤᠲᠤᠭ᠂
ᠵᠧ ᠬᠦ ᠁ᠡᠵᠢ ᠶ᠋ᠢᠨ ᠮᠢᠨᠢ ᠠᠷᠢᠭᠤᠨ ᠭᠣᠣᠯ ᠠ᠋
ᠲᠥᠭᠡᠷᠢᠭᠰᠡᠨ ᠭᠠᠯᠠᠭᠤ ᠬᠣᠯᠠ ᠨᠢᠰᠦᠭᠡᠳ
ᠲᠥᠷᠥᠯᠬᠢ ᠬᠡᠯᠡ ᠪᠡᠷ ᠢ᠋ᠶ᠋ᠡᠨ ᠭᠠᠩᠭᠠᠨᠠᠵᠤ ᠴᠢᠳᠠᠭ᠎ᠠ ᠦᠭᠡᠢ ᠴᠦ᠍
ᠪᠠᠶᠠᠷ ᠭᠤᠨᠢᠭ ᠢ᠋ ᠮᠢᠨᠢ ᠪᠠᠭᠲᠠᠭᠠᠵᠤ ᠬᠠᠢᠷᠠᠯᠠ ᠪᠦᠪᠡᠢᠯᠡᠵᠦ ᠶᠠᠪᠤᠭᠠᠷᠠᠢ
ᠮᠣᠩᠭᠣᠯ ᠤ᠋ᠨ ᠥᠨᠳᠥᠷᠯᠢᠭ ᠦ᠋ᠨ ᠬᠡᠦᠬᠡᠳ ᠰᠢᠦ ᠪᠢ
ᠮᠣᠷᠢᠨ ᠬᠤᠭᠤᠷ ᠤ᠋ᠨ ᠠᠶᠠᠯᠭᠤ ᠲᠠᠢ ᠰᠢᠦ
ᠠᠶᠠᠯᠭᠤᠨ ᠳ᠋ᠤ᠌ ᠨᠢ ᠰᠢᠩᠭᠡᠭᠰᠡᠨ ᠳᠠᠭᠤᠤ ᠲᠠᠢ ᠪᠢᠯᠡ ᠪᠢ
ᠠᠪᠤ ᠡᠵᠢ ᠶ᠋ᠢᠨ ᠨᠤᠲᠤᠭ ᠤᠰᠤ ᠮᠢᠨᠢ
ᠮᠣᠩᠭᠣᠯ ᠤ᠋ᠨ ᠥᠨᠳᠥᠷᠯᠢᠭ ᠦ᠋ᠨ ᠬᠡᠦᠬᠡᠳ ᠰᠢᠦ ᠪᠢ
ᠮᠣᠷᠢᠨ ᠬᠤᠭᠤᠷ ᠤ᠋ᠨ ᠠᠶᠠᠯᠭᠤ ᠲᠠᠢ ᠰᠢᠦ
ᠠᠶᠠᠯᠭᠤᠨ ᠳ᠋ᠤ᠌ ᠨᠢ ᠰᠢᠩᠭᠡᠭᠰᠡᠨ ᠳᠠᠭᠤᠤ ᠲᠠᠢ ᠪᠢᠯᠡ ᠪᠢ
ᠠᠪᠤ ᠡᠵᠢ ᠶ᠋ᠢᠨ ᠨᠤᠲᠤᠭ ᠤᠰᠤ ᠮᠢᠨᠢ
ᠮᠣᠩᠭᠣᠯ ᠤ᠋ᠨ ᠥᠨᠳᠥᠷᠯᠢᠭ ᠦ᠋ᠨ ᠬᠡᠦᠬᠡᠳ ᠰᠢᠦ ᠪᠢ
ᠮᠣᠷᠢᠨ ᠬᠤᠭᠤᠷ ᠤ᠋ᠨ ᠠᠶᠠᠯᠭᠤ ᠲᠠᠢ ᠰᠢᠦ
ᠠᠶᠠᠯᠭᠤᠨ ᠳ᠋ᠤ᠌ ᠨᠢ ᠰᠢᠩᠭᠡᠭᠰᠡᠨ ᠳᠠᠭᠤᠤ ᠲᠠᠢ ᠪᠢᠯᠡ ᠪᠢ
ᠠᠪᠤ ᠡᠵᠢ ᠶ᠋ᠢᠨ ᠨᠤᠲᠤᠭ ᠤᠰᠤ ᠮᠢᠨᠢ
ᠠᠪᠤ ᠡᠵᠢ ᠶ᠋ᠢᠨ ᠨᠤᠲᠤᠭ ᠤᠰᠤ ᠮᠢᠨᠢ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
ᠬᠢᠨᠠᠭᠴᠢ᠄ ᠵᠠᠯᠭᠠᠬᠦᠦ
