ᠬᠥᠬᠡ ᠮᠣᠩᠭᠣᠯ ᠤᠨ ᠥᠨᠳᠥᠷᠯᠡᠭХөх монголын өндөрлөг
ᠬᠥᠬᠡ ᠮᠣᠩᠭᠣᠯ ᠤᠨ ᠥᠨᠳᠥᠷᠯᠡᠭХөх монголын өндөрлөг
ᠦᠬᠡ :ᠨᠠᠴᠢᠨ
ᠠᠶ᠎ᠠ :ᠰᠡᠴᠡᠨᠴᠣᠭᠲᠤ
ᠭᠠᠵᠠᠷ ᠲᠡᠭᠷᠢ ᠶᠢᠨ ᠬᠤᠷᠮᠤᠢ ᠵᠠᠯᠭᠠᠭᠠᠳ
ᠭᠠᠩᠭᠠᠩ ᠬᠤᠨ ᠰᠢᠭ᠋ ᠮᠤᠩᠭᠤᠯ ᠬᠡᠷ
ᠴᠠᠢ᠋ᠯᠵᠠᠬᠰᠠᠨ ᠂
ᠪᠤᠭᠤᠷᠤᠯ ᠬᠠᠰᠠᠬ ᠨᠠᠷᠠᠨ ᠲᠤᠤᠷ᠎ᠠ
ᠴᠦᠷᠬᠦᠯᠡᠬᠡᠳ
ᠪᠤᠶᠠᠨᠳᠤ ᠦᠨᠳᠦᠷ ᠤᠪᠤᠭ᠎ᠠ ᠮᠢᠨᠢ
ᠨᠤᠳᠤᠭ ᠢᠶᠠᠨ ᠰᠠᠬᠢᠬᠰᠠ ᠂
ᠬᠦᠰᠡᠯ ᠵᠤᠷᠢᠭ ᠢ ᠮᠢᠨᠢ ᠬᠦᠪᠴᠢᠯᠡᠵᠦ ᠦᠭᠭᠦᠭᠰᠡᠨ
ᠬᠦᠬᠡ ᠮᠤᠩᠭᠤᠯ ᠤᠨ ᠦᠨᠳᠦᠷᠯᠢᠭ ᠮᠢᠨᠢ
ᠪᠠᠯᠠᠷ ᠴᠠᠬ ᠡᠴᠡ ᠲᠠᠮᠡᠤᠯᠵᠦ ᠢᠷᠡᠭᠰᠡᠨ ᠂
ᠪᠠᠯᠠᠷᠠᠰᠢ ᠦᠭᠡᠢ ᠢᠳᠡᠬᠡᠯ ᠦᠨ ᠬᠠᠢᠷ᠎ᠠ ᠪᠠᠨ
ᠲᠠᠨ ᠳᠠᠭᠠᠨ ᠡᠷᠬᠦᠶ᠎ᠡ
ᠢᠷᠦᠭᠡᠯ ᠢᠶᠡᠨ ᠲᠠᠨ ᠳᠠᠭᠠᠨ
ᠲᠡᠪᠰᠢᠬᠦᠯᠦᠶ᠎ᠡ ᠂
ᠢᠷᠦᠭᠡᠯ ᠢᠶᠡᠨ ᠲᠡᠪᠰᠢᠬᠦᠯᠦᠶ᠎ᠡ
ᠬᠤᠯᠠ ᠶᠢᠨ ᠬᠤᠯᠠ ᠶᠢᠨ ᠡᠭᠦᠯᠡ
ᠮᠦᠷᠦᠭᠡᠳᠦᠯ ᠢ ᠮᠢᠨᠢ ᠲᠠᠯᠠᠯᠤᠭᠠᠳ
ᠬᠤᠩᠭᠤᠷ ᠰᠠᠯᠬᠢ ᠰᠡᠳᠬᠢᠯ ᠢ ᠮᠢᠨᠢ
ᠲᠡᠷᠪᠡᠬᠦᠯᠦᠬᠡᠳ
ᠬᠦᠬᠡᠷᠡᠬᠦ ᠨᠤᠳᠤᠭ ᠰᠦᠨᠢ ᠶᠢᠨ
ᠵᠡᠬᠦᠳᠡᠨ ᠳᠦ ᠡᠷᠢᠭᠳᠡᠬᠡᠳ
ᠬᠦᠬᠡᠷᠦᠬᠦᠢ ᠡᠵᠢ ᠶᠢᠨ ᠮᠢᠨᠢ ᠪᠠᠷ᠎ᠠ
ᠵᠢᠷᠦᠬᠡᠨ ᠳᠦ ᠪᠦᠷᠳᠦᠯᠵᠡᠭᠰᠡᠨ
ᠬᠦᠰᠡᠯ ᠵᠤᠷᠢᠭ ᠢ ᠮᠢᠨᠢ ᠬᠦᠪᠴᠢᠯᠡᠵᠦ
ᠦᠭᠭᠦᠭᠰᠡᠨ
ᠬᠦᠬᠡ ᠮᠤᠩᠭᠤᠯ ᠤᠨ ᠦᠨᠳᠦᠷᠯᠢᠭ ᠮᠢᠨᠢ
ᠪᠠᠯᠠᠷ ᠴᠠᠬ ᠡᠴᠡ ᠲᠠᠮᠡᠤᠯᠵᠦ ᠢᠷᠡᠭᠰᠡᠨ ᠂
ᠪᠠᠯᠠᠷᠠᠰᠢ ᠦᠭᠡᠢ ᠢᠳᠡᠬᠡᠯ ᠦᠨ ᠬᠠᠢᠷ᠎ᠠ ᠪᠠᠨ
ᠲᠠᠨ ᠳᠠᠭᠠᠨ ᠡᠷᠬᠦᠶ᠎ᠡ
ᠢᠷᠦᠭᠡᠯ ᠢᠶᠡᠨ ᠲᠠᠨ ᠳᠠᠭᠠᠨ
ᠲᠡᠪᠰᠢᠬᠦᠯᠦᠶ᠎ᠡ ᠂
ᠢᠷᠦᠭᠡᠯ ᠢᠶᠡᠨ ᠲᠡᠪᠰᠢᠬᠦᠯᠦᠶ᠎ᠡ
