ᠬᠠᠨᠠᠨ ᠬᠡ ᠲᠠᠢ ᠲᠣᠪᠴᠢ–ᠦᠭᠡ᠄ ᠨᠢᠴᠦᠭᠦᠳ· ᠪᠦᠷᠢᠨᠰᠠᠶ᠋ᠢᠬᠠᠨ᠂ᠠᠶ᠎ᠠ᠄ ᠰᠦᠬᠡᠪᠠᠭᠠᠲᠤᠷ᠂ᠳᠠᠭᠤᠴᠢᠨ᠄ ᠵᠤᠯᠠ Ханан хээтэй товч – үг᠄ Нүцгэнд· Бүрэнсайхан᠂ ая᠄ Сүхбаатар᠂ дуучин᠄ Зула
ᠬᠠᠨᠠᠨ ᠬᠡ ᠲᠠᠢ ᠲᠣᠪᠴᠢ
ᠠᠶ᠎ᠠ᠄ ᠰᠦᠬᠡᠪᠠᠭᠠᠲᠤᠷ(ᠠᠷᠤ ᠬᠣᠷᠴᠢᠨ)
ᠳᠠᠭᠤᠴᠢᠨ᠄ ᠵᠤᠯᠠ(ᠪᠠᠷᠠᠭᠤᠨ ᠪᠠᠭᠠᠷᠢᠨ)
ᠤᠷᠤᠰᠤᠮ᠎ᠠ ᠵᠢᠷᠣᠭ᠎ᠠ ᠮᠣᠷᠢ ᠲᠠᠢ ᠴᠢᠨᠢ
ᠤᠤᠭᠠᠯ ᠨᠤᠲᠤᠭ ᠤ᠋ᠨ ᠠᠭᠤᠯᠠ ᠲᠠᠢ ᠴᠢᠨᠢ
ᠠᠭᠤᠯᠵᠠᠭᠠᠳ ᠦᠨᠦᠰᠦᠭᠰᠡᠨ ᠤᠷᠤᠭᠤᠯ ᠲᠠᠢ ᠴᠢᠨᠢ
ᠤᠶᠠᠬᠠᠨ ᠰᠠᠷᠠᠨ ᠢ᠋ᠶ᠋ᠠᠷ ᠵᠡᠭᠦᠳᠦᠯᠡᠯ᠎ᠡ ᠲᠠᠨ ᠢ᠋ ᠪᠡᠨ
ᠳᠡᠪᠡᠯ ᠦ᠋ᠨ ᠴᠢᠨᠢ ᠨᠢᠭᠡᠨ ᠲᠣᠪᠴᠢ ᠨᠢ ᠬᠦ
ᠤᠨᠠᠭᠠᠳ ᠢᠷᠡᠬᠦ ᠨᠢ ᠬᠡᠵᠢᠶ᠎ᠡ ᠪᠣᠯ
ᠳᠡᠷᠭᠡᠳᠡ ᠴᠢᠨᠢ ᠰᠠᠭᠤᠭᠠᠳ ᠠᠢ ᠬᠦ
ᠲᠣᠪᠬᠢᠭᠠᠳ ᠥᠭᠬᠦ ᠨᠢ ᠬᠡᠵᠢᠶ᠎ᠡ ᠴᠦ᠍ ᠶᠦᠮ ᠪᠣᠯ ᠳᠠ
ᠬᠠᠯᠭᠢᠮ᠎ᠠ ᠵᠢᠷᠣᠭ᠎ᠠ ᠮᠣᠷᠢ ᠲᠠᠢ ᠴᠢᠨᠢ
ᠬᠠᠩᠭᠠᠢ ᠨᠤᠲᠤᠭ ᠤ᠋ᠨ ᠠᠭᠤᠯᠠ ᠲᠠᠢ ᠴᠢᠨᠢ
ᠬᠠᠷᠠᠭᠠᠳ ᠳᠤᠷᠠᠯᠠᠭᠰᠠᠨ ᠨᠢᠳᠦ ᠲᠡᠢ ᠴᠢᠨᠢ
ᠬᠠᠢᠯᠭᠠᠨ ᠰᠠᠷᠠᠨ ᠢ᠋ᠶ᠋ᠠᠷ ᠵᠡᠭᠦᠳᠦᠯᠡᠯ᠎ᠡ ᠲᠠᠨ ᠢ᠋ ᠪᠡᠨ
ᠳᠡᠪᠡᠯ ᠦ᠋ᠨ ᠴᠢᠨᠢ ᠨᠢᠭᠡᠨ ᠲᠣᠪᠴᠢ ᠨᠢ ᠬᠦ
ᠤᠨᠠᠭᠠᠳ ᠢᠷᠡᠬᠦ ᠨᠢ ᠬᠡᠵᠢᠶ᠎ᠡ ᠪᠣᠯ
ᠳᠡᠷᠭᠡᠳᠡ ᠴᠢᠨᠢ ᠰᠠᠭᠤᠭᠠᠳ ᠠᠢ ᠬᠦ
ᠲᠣᠪᠬᠢᠭᠠᠳ ᠥᠭᠬᠦ ᠨᠢ ᠬᠡᠵᠢᠶ᠎ᠡ ᠴᠦ᠍ ᠶᠦᠮ ᠪᠣᠯ ᠳᠠ
ᠳᠡᠪᠡᠯ ᠦ᠋ᠨ ᠴᠢᠨᠢ ᠨᠢᠭᠡᠨ ᠲᠣᠪᠴᠢ ᠨᠢ ᠬᠦ
ᠤᠨᠠᠭᠠᠳ ᠢᠷᠡᠬᠦ ᠨᠢ ᠬᠡᠵᠢᠶ᠎ᠡ ᠪᠣᠯ
ᠳᠡᠷᠭᠡᠳᠡ ᠴᠢᠨᠢ ᠰᠠᠭᠤᠭᠠᠳ ᠠᠢ ᠬᠦ
ᠲᠣᠪᠬᠢᠭᠠᠳ ᠥᠭᠬᠦ ᠨᠢ ᠬᠡᠵᠢᠶ᠎ᠡ ᠴᠦ᠍ ᠶᠦᠮ ᠪᠣᠯ ᠳᠠ
ᠲᠠᠯᠠᠮᠠᠨ ᠵᠢᠷᠣᠭ᠎ᠠ ᠮᠣᠷᠢ ᠲᠠᠢ ᠴᠢᠨᠢ
ᠲᠡᠷᠲᠡᠭᠡ ᠨᠤᠲᠤᠭ ᠤ᠋ᠨ ᠠᠭᠤᠯᠠ ᠲᠠᠢ ᠴᠢᠨᠢ
ᠲᠡᠪᠡᠷᠢᠭᠡᠳ ᠳᠤᠯᠠᠭᠠᠬᠠᠨ ᠨᠥᠮᠥᠷᠢ ᠲᠡᠢ ᠴᠢᠨᠢ
ᠲᠡᠷᠭᠡᠯ ᠰᠠᠷᠠᠨ ᠢ᠋ᠶ᠋ᠠᠷ ᠵᠡᠭᠦᠳᠦᠯᠡᠯ᠎ᠡ ᠲᠠᠨ ᠢ᠋ ᠪᠡᠨ
ᠳᠡᠪᠡᠯ ᠦ᠋ᠨ ᠴᠢᠨᠢ ᠨᠢᠭᠡᠨ ᠲᠣᠪᠴᠢ ᠨᠢ ᠬᠦ
ᠤᠨᠠᠭᠠᠳ ᠢᠷᠡᠬᠦ ᠨᠢ ᠬᠡᠵᠢᠶ᠎ᠡ ᠪᠣᠯ
ᠳᠡᠷᠭᠡᠳᠡ ᠴᠢᠨᠢ ᠰᠠᠭᠤᠭᠠᠳ ᠠᠢ ᠬᠦ
ᠲᠣᠪᠬᠢᠭᠠᠳ ᠥᠭᠬᠦ ᠨᠢ ᠬᠡᠵᠢᠶ᠎ᠡ ᠴᠦ᠍ ᠶᠦᠮ ᠪᠣᠯ ᠳᠠ
ᠳᠡᠪᠡᠯ ᠦ᠋ᠨ ᠴᠢᠨᠢ ᠨᠢᠭᠡᠨ ᠲᠣᠪᠴᠢ ᠨᠢ ᠬᠦ
ᠤᠨᠠᠭᠠᠳ ᠢᠷᠡᠬᠦ ᠨᠢ ᠬᠡᠵᠢᠶ᠎ᠡ ᠪᠣᠯ
ᠳᠡᠷᠭᠡᠳᠡ ᠴᠢᠨᠢ ᠰᠠᠭᠤᠭᠠᠳ ᠠᠢ ᠬᠦ
ᠲᠣᠪᠬᠢᠭᠠᠳ ᠥᠭᠬᠦ ᠨᠢ ᠬᠡᠵᠢᠶ᠎ᠡ ᠴᠦ᠍ ᠶᠦᠮ ᠪᠣᠯ ᠳᠠ
ᠦᠰᠦᠭ ᠬᠠᠲᠠᠭᠴᠢ᠄ ᠪᠣᠷᠵᠢᠭᠢᠨ ᠰᠡᠴᠡᠨᠬᠦᠦ
ᠦᠰᠦᠭ ᠠᠮᠢᠯᠠᠭᠤᠯᠤᠭᠴᠢ᠄ ᠪᠣᠷᠵᠢᠭᠢᠨ ᠰᠡᠴᠡᠨᠬᠦᠦ
ᠬᠢᠨᠠᠭᠴᠢ᠄ ᠪᠤᠤ·ᠰᠠᠷᠠᠨ᠎ᠠ
