ᠨᠠᠷᠠᠨ ᠡᠵᠢ - ᠯ∙ ᠳ᠋ᠠᠷᠢᠮ᠎ᠠ ᠯ ∙ ᠨᠠᠩᠰᠠᠯᠮ᠎ᠠNaran eej - L.Daariimaa L.Nansalmaa Наран ээж ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠨ ᠡᠵᠢ - ᠯ∙ ᠳ᠋ᠠᠷᠢᠮ᠎ᠠ ᠯ ∙ ᠨᠠᠩᠰᠠᠯᠮ᠎ᠠNaran eej - L.Daariimaa L.Nansalmaa Наран ээж

ᠨᠠᠷᠠᠨ ᠡᠵᠢ - ᠯ∙ ᠳ᠋ᠠᠷᠢᠮ᠎ᠠ ᠯ ∙ ᠨᠠᠩᠰᠠᠯᠮ᠎ᠠNaran eej - L.Daariimaa L.Nansalmaa Наран ээж

ᠠᠩᠭᠢᠯᠠᠯ:ᠳᠠᠭᠤᠤ ᠬᠥᠭᠵᠢᠮ
2026-02-19

320

ᠨᠠᠷᠠᠨ ᠡᠵᠢ


      ᠳᠠᠭᠤᠴᠢᠨ᠄ ᠯ• ᠳ᠋ᠠᠷᠢᠮ᠎ᠠ᠂ ᠯ• ᠨᠠᠩᠰᠠᠯᠮ᠎ᠠ    

ᠬᠠᠢᠷ᠎ᠠ ᠭᠡᠳᠡᠭ ᠠᠷᠢᠭᠤᠨ ᠶᠢᠷᠲᠢᠨᠴᠦ ᠰᠢᠭ 
ᠬᠠᠮᠤᠭ ᠤ᠋ᠨ ᠲᠦᠷᠦᠭᠦᠨ ᠳ᠋ᠦ᠍ ᠨᠠᠷᠠᠨ ᠭᠡᠢᠭᠦᠯᠳᠡᠭ   
ᠡᠨᠡ ᠨᠠᠷᠠᠨ ᠪᠦᠬᠦᠨ ᠢ᠋ ᠭᠡᠢᠭᠦᠯᠳᠡᠭ ᠴᠦ᠍  
ᠡᠵᠢ ᠨᠠᠷᠠᠨ ᠬᠠᠢᠷ᠎ᠠ ᠶ᠋ᠢ ᠮᠡᠳᠡᠷᠡᠭᠦᠯᠳᠡᠭ ᠶᠦᠮ᠃  

ᠤᠷᠲᠤ ᠶ᠋ᠢᠨ ᠳᠠᠭᠤᠤ ᠪᠠᠨ ᠠᠶᠠᠯᠠᠨ ᠪᠦᠪᠡᠢᠯᠡᠭᠰᠡᠨ
ᠦᠯᠡᠮᠵᠢ ᠶ᠋ᠢᠨ ᠰᠠᠢᠬᠠᠨ ᠡᠵᠢ ᠮᠢᠨᠢ
ᠤᠷᠤᠭ ᠤ᠋ᠨ ᠬᠡᠯᠬᠢᠶ᠎ᠡ ᠶ᠋ᠢ ᠮᠥᠩᠬᠡᠯᠡᠨ ᠵᠠᠯᠭᠠᠯ᠎ᠠ
ᠦᠨᠳᠦᠰᠦᠲᠡᠨ ᠦ᠌ ᠠᠯᠲᠠᠨ ᠬᠡᠯᠬᠢᠶ᠎ᠡ ᠶᠦᠮ ᠮᠢᠨᠢ ᠠ᠋ ᠃
ᠴᠡᠩᠬᠡᠷ ᠭᠠᠷᠠᠭ ᠠ᠋ᠴᠠ ᠳᠡᠯᠭᠡᠷᠡᠳᠡᠭ
ᠴᠠᠢ ᠶ᠋ᠢᠨ ᠶᠠᠭᠠᠨ ᠳᠡᠪᠢᠯᠭᠡ ᠪᠢᠯᠡ
ᠬᠤᠷᠮᠤᠰᠲᠠ ᠲᠡᠭᠷᠢ ᠡᠴᠡ ᠱᠠᠭᠢᠨ ᠪᠠᠭᠤᠳᠠᠭ
ᠬᠤᠷ᠎ᠠ ᠶ᠋ᠢᠨ ᠳᠤᠰᠤᠯ ᠷᠠᠰᠢᠶᠠᠨ ᠪᠢᠯᠡ᠃

ᠬᠠᠩᠰᠢ ᠶ᠋ᠢᠨ ᠨᠣᠭᠣᠭᠠᠨ ᠲᠠᠯ᠎ᠠ ᠨᠢ ᠪᠠᠶᠠᠰᠤᠭᠠᠳ  
ᠪᠠᠢᠭᠠᠯᠢ ᠶ᠋ᠢᠨ ᠭᠣᠶᠣᠬᠠᠨ ᠡᠵᠢ ᠮᠢᠨᠢ
ᠬᠠᠢᠷ᠎ᠠ ᠶ᠋ᠢᠨ ᠳᠡᠭᠡᠳᠦ ᠶ᠋ᠢ ᠠᠮᠲᠠᠯᠠᠨ ᠵᠢᠷᠭᠠᠭᠰᠠᠨ
ᠠᠵᠠ ᠶ᠋ᠢᠨ ᠲᠩᠷᠢ ᠡᠵᠢ ᠮᠢᠨᠢ ᠠ᠋᠃
ᠴᠡᠩᠬᠡᠷ ᠭᠠᠷᠠᠭ ᠠ᠋ᠴᠠ ᠳᠡᠯᠭᠡᠷᠡᠳᠡᠭ
ᠴᠠᠢ ᠶ᠋ᠢᠨ ᠶᠠᠭᠠᠨ ᠳᠡᠪᠢᠯᠭᠡ ᠪᠢᠯᠡ
ᠬᠤᠷᠮᠤᠰᠲᠠ ᠲᠡᠭᠷᠢ ᠡᠴᠡ ᠱᠠᠭᠢᠨ ᠪᠠᠭᠤᠳᠠᠭ
ᠬᠤᠷ᠎ᠠ ᠶ᠋ᠢᠨ ᠳᠤᠰᠤᠯ ᠷᠠᠰᠢᠶᠠᠨ ᠪᠢᠯᠡ᠃

ᠠᠮᠢᠨ ᠰᠤᠷᠭᠠᠯ ᠢ᠋ᠶ᠋ᠠᠷ ᠬᠠᠢᠷᠠᠯᠠᠨ ᠪᠦᠪᠡᠢᠯᠡᠭᠰᠡᠨ
ᠠᠮᠢᠳᠤ ᠶ᠋ᠢᠨ ᠵᠢᠷᠭᠠᠯ ᠡᠵᠢ ᠮᠢᠨᠢ
ᠠᠮᠠᠷᠠᠭ ᠤ᠋ᠨ ᠵᠠᠶᠠᠭ᠎ᠠ ᠲᠡᠷᠲᠡᠭᠡ ᠶᠠᠭᠤ ᠪᠣᠢ
ᠠᠯᠢᠮᠠᠳ ᠳᠡᠯᠡᠬᠡᠢ ᠶ᠋ᠢᠨ ᠨᠠᠷᠠᠨ ᠪᠢᠯᠡ᠃
ᠴᠡᠩᠬᠡᠷ ᠭᠠᠷᠠᠭ ᠠ᠋ᠴᠠ ᠳᠡᠯᠭᠡᠷᠡᠳᠡᠭ
ᠴᠠᠢ ᠶ᠋ᠢᠨ ᠶᠠᠭᠠᠨ ᠳᠡᠪᠢᠯᠭᠡ ᠪᠢᠯᠡ
ᠬᠤᠷᠮᠤᠰᠲᠠ ᠲᠡᠭᠷᠢ ᠡᠴᠡ ᠱᠠᠭᠢᠨ ᠪᠠᠭᠤᠳᠠᠭ
ᠬᠤᠷ᠎ᠠ ᠶ᠋ᠢᠨ ᠳᠤᠰᠤᠯ ᠷᠠᠰᠢᠶᠠᠨ ᠪᠢᠯᠡ᠃
ᠴᠡᠩᠬᠡᠷ ᠭᠠᠷᠠᠭ  ᠠ᠋ᠴᠠ ᠳᠡᠯᠭᠡᠷᠡᠳᠡᠭ
ᠴᠠᠢ ᠶ᠋ᠢᠨ ᠶᠠᠭᠠᠨ ᠳᠡᠪᠢᠯᠭᠡ ᠪᠢᠯᠡ
ᠬᠤᠷᠮᠤᠰᠲᠠ ᠲᠡᠭᠷᠢ ᠡᠴᠡ ᠱᠠᠭᠢᠨ ᠪᠠᠭᠤᠳᠠᠭ
ᠬᠤᠷ᠎ᠠ ᠶ᠋ᠢᠨ ᠳᠤᠰᠤᠯ ᠷᠠᠰᠢᠶᠠᠨ ᠪᠢᠯᠡ
ᠬᠤᠷ᠎ᠠ ᠶ᠋ᠢᠨ ᠳᠤᠰᠤᠯ ᠷᠠᠰᠢᠶᠠᠨ ᠪᠢᠯᠡ᠃    

    ᠦᠰᠦᠭ ᠬᠠᠳᠠᠭᠴᠢ᠄ ᠵᠢᠷᠠᠨᠲᠠᠢ
    ᠦᠰᠦᠭ ᠠᠮᠢᠯᠠᠭᠤᠯᠤᠭᠴᠢ᠄ ᠤᠤᠭᠠᠨᠵᠢᠳ
    ᠬᠢᠨᠠᠭᠴᠢ᠄ ᠮᠡᠷᠭᠡᠨᠪᠢᠯᠢᠭ