ᠨᠤᠲᠤᠭ -ᠲᠩᠷᠢ Nutag-TengerНутаг-Тэнгэр
ᠨᠤᠲᠤᠭ
ᠦᠭᠡ ᠠᠶ᠎ᠠ᠄ ᠲᠩᠷᠢ
ᠲᠩᠷᠢ ᠳᠠᠭᠤᠯᠠᠵᠤ ᠲᠤᠩᠭᠠᠯᠠᠭ ᠪᠥᠵᠢᠭᠯᠡᠨ᠎ᠡ
ᠠᠭᠢᠲᠤ ᠲᠣᠯᠣᠭᠠᠢ ᠶ᠋ᠢᠨ ᠣᠷᠣᠢ ᠪᠠᠷ
ᠠᠳᠤᠭᠤᠨ ᠰᠦᠷᠦᠭ ᠪᠡᠯᠴᠢᠨ᠎ᠡ
ᠠᠮᠢᠨ ᠠ᠋ᠴᠠ ᠵᠠᠶᠠᠭᠠᠭᠰᠠᠨ ᠠᠪᠤ ᠶ᠋ᠢᠨ ᠮᠢᠨᠢ ᠨᠤᠲᠤᠭ
ᠠᠯᠠᠭ ᠵᠢᠷᠦᠬᠡᠨ ᠳ᠋ᠦ᠍ ᠤᠶᠠᠭᠠᠲᠠᠢ
ᠬᠣᠢᠲᠤ ᠲᠣᠯᠣᠭᠠᠢ ᠶ᠋ᠢᠨ ᠡᠩᠭᠡᠷ ᠲᠦ᠍
ᠬᠣᠨᠢᠨ ᠰᠦᠷᠦᠭ ᠪᠡᠯᠴᠢᠨ᠎ᠡ
ᠬᠥᠭᠡᠷᠦᠬᠦᠢ ᠡᠵᠢ ᠶ᠋ᠢᠨ ᠮᠢᠨᠢ ᠪᠦᠪᠡᠢᠯᠡᠭᠰᠡᠨ ᠨᠤᠲᠤᠭ
ᠬᠣᠶᠠᠷ ᠨᠢᠳᠦᠨ ᠳ᠋ᠦ᠍ ᠬᠣᠯᠪᠣᠭᠠᠲᠠᠢ
ᠨᠠᠭᠤᠷ ᠤ᠋ᠨ ᠲᠤᠩᠭᠠᠯᠠᠭ ᠤᠰᠤ ᠨᠢ
ᠨᠣᠮᠢᠨ ᠲᠠᠯ᠎ᠠ ᠶ᠋ᠢᠨ ᠰᠠᠷᠠᠨ ᠪᠢᠯᠡ
ᠨᠡᠭᠦᠳᠡᠯ ᠦ᠋ᠨ ᠭᠠᠯᠠᠭᠤᠳ ᠭᠠᠩᠭᠠᠨᠠᠭᠠᠳ ᠯᠠ ᠪᠠᠢᠨ᠎ᠠ
ᠨᠤᠲᠤᠭ ᠤ᠋ᠨ ᠪᠠᠷ᠎ᠠ ᠰᠦᠮᠡᠯᠵᠡᠭᠡᠳ ᠯᠡ ᠪᠠᠢᠨ᠎ᠠ
ᠨᠠᠭᠤᠷ ᠤ᠋ᠨ ᠲᠤᠩᠭᠠᠯᠠᠭ ᠤᠰᠤ ᠨᠢ
ᠨᠣᠮᠢᠨ ᠲᠠᠯ᠎ᠠ ᠶ᠋ᠢᠨ ᠰᠠᠷᠠᠨ ᠪᠢᠯᠡ
ᠨᠡᠭᠦᠳᠡᠯ ᠦ᠋ᠨ ᠭᠠᠯᠠᠭᠤᠳ ᠭᠠᠩᠭᠠᠨᠠᠭᠠᠳ ᠯᠠ ᠪᠠᠢᠨ᠎ᠠ
ᠨᠤᠲᠤᠭ ᠤ᠋ᠨ ᠪᠠᠷ᠎ᠠ ᠰᠦᠮᠡᠯᠵᠡᠭᠡᠳ ᠪᠠᠢᠨ᠎ᠠ
ᠨᠤᠲᠤᠭ ᠤ᠋ᠨ ᠪᠠᠷ᠎ᠠ ᠰᠦᠮᠡᠯᠵᠡᠭᠡᠳ ᠪᠠᠢᠨ᠎ᠠ
ᠦᠰᠦᠭ ᠠᠮᠢᠯᠠᠭᠤᠯᠤᠭᠴᠢ᠄ ᠲᠣᠳᠣᠭᠡᠷᠡᠯ
ᠬᠢᠨᠠᠭᠴᠢ᠄ ᠢᠷᠡᠭᠡᠳᠦᠢ
