ᠠᠵᠠ ᠲᠠᠢ ᠶᠤᠮ ᠡ ᠮᠢᠨᠦ ᠬᠠᠢᠷ᠎ᠠ -ᠠᠮᠢᠨ᠎ᠠAztai yum_aa minii khair-AminaАзтай юм_аа миний хайр-Амина ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠵᠠ ᠲᠠᠢ ᠶᠤᠮ ᠡ ᠮᠢᠨᠦ ᠬᠠᠢᠷ᠎ᠠ -ᠠᠮᠢᠨ᠎ᠠAztai yum_aa minii khair-AminaАзтай юм_аа миний хайр-Амина

ᠠᠵᠠ ᠲᠠᠢ ᠶᠤᠮ ᠡ ᠮᠢᠨᠦ ᠬᠠᠢᠷ᠎ᠠ -ᠠᠮᠢᠨ᠎ᠠAztai yum_aa minii khair-AminaАзтай юм_аа миний хайр-Амина

ᠠᠩᠭᠢᠯᠠᠯ:ᠳᠠᠭᠤᠤ ᠬᠥᠭᠵᠢᠮ
2026-02-18

1636

ᠠᠵᠠ ᠲᠠᠢ ᠶᠤᠮ ᠡ ᠮᠢᠨᠦ ᠬᠠᠢᠷ᠎ᠠ


          ᠳᠠᠭᠤᠴᠢᠨ᠄ ᠲ᠂ ᠠᠮᠢᠨ᠎ᠠ 

ᠬᠡᠯᠡᠭᠰᠡᠨ ᠦᠭᠡ ᠪᠦᠬᠦᠨ ᠮᠢᠨᠢ ᠴᠢᠮ᠎ᠠ ᠳ᠋ᠤ᠌ ᠵᠣᠷᠢᠭᠤᠯᠤᠭᠳᠠᠭᠠᠳ 
ᠬᠡᠯᠬᠢᠭᠰᠡᠨ ᠮᠥᠷ ᠪᠦᠬᠦᠨ ᠢ᠋ ᠮᠢᠨᠢ ᠴᠢ ᠥᠮᠴᠢᠷᠬᠡᠭᠡᠳ 
ᠬᠠᠷᠠᠴᠤᠳ ᠤᠨᠠᠴᠢᠬᠠᠭᠠᠳ ᠪᠣᠰᠴᠤ ᠴᠢᠳᠠᠭ᠎ᠠ ᠦᠭᠡᠢ 
ᠬᠠᠷᠠᠬᠠᠨ ᠨᠢᠳᠦ ᠶ᠋ᠢ ᠮᠢᠨᠢ ᠴᠢ ᠭᠠᠭᠴᠠᠭᠠᠷᠬᠠᠨ ᠢ᠋ᠶ᠋ᠠᠨ ᠦᠨᠦᠰᠦᠭᠡᠳ 

ᠠᠵᠠᠲᠠᠢ ᠶᠤᠮ ᠠ᠋ ᠮᠢᠨᠦ ᠬᠠᠢᠷ᠎ᠠ 
ᠬᠠᠷᠠᠬᠠᠨ ᠨᠢᠳᠦ ᠶ᠋ᠢ ᠮᠢᠨᠢ ᠴᠢ ᠭᠠᠭᠴᠠᠭᠠᠷᠬᠠᠨ ᠢ᠋ᠶ᠋ᠠᠨ 
ᠴᠢ ᠭᠠᠭᠴᠠᠭᠠᠷᠬᠠᠨ ᠢ᠋ᠶ᠋ᠠᠨ ᠦᠨᠦᠰᠦᠭᠡᠳ 
ᠠᠵᠠᠲᠠᠢ ᠶᠤᠮ ᠠ᠋ ᠠᠵᠠᠲᠠᠢ ᠶᠤᠮ ᠮᠢᠨᠦ ᠬᠠᠢᠷ᠎ᠠ 

ᠰᠥᠯ ᠬᠠᠷᠠᠬᠠᠨ ᠭᠡᠵᠢᠭᠡ ᠪᠡᠷ ᠮᠢᠨᠢ ᠬᠠᠢᠷ᠎ᠠ ᠯᠠᠪᠰᠢᠷᠠᠭᠠᠳ
ᠰᠠᠨᠠᠨ ᠰᠠᠨᠠᠬᠤ ᠵᠡᠭᠦᠳᠦ ᠶ᠋ᠢ ᠮᠢᠨᠢ ᠴᠢ ᠡᠵᠡᠯᠡᠨ᠎ᠡ ᠠ᠋
ᠬᠠᠮᠤᠭ ᠤ᠋ᠨ ᠭᠤᠸᠠᠯᠢᠭ ᠪᠡᠯᠬᠡᠭᠦᠰᠦ ᠶ᠋ᠢ ᠴᠢᠩᠭ᠎ᠠ ᠲᠡᠪᠡᠷᠢᠭᠡᠳ
ᠬᠡᠨ ᠴᠦ᠍ ᠬᠦᠷᠲᠡᠭᠡ ᠦᠭᠡᠢ ᠦᠨᠦᠷ ᠲᠦ᠍ ᠴᠢ ᠭᠠᠭᠴᠠᠭᠠᠷᠬᠠᠨ ᠢ᠋ᠶ᠋ᠠᠨ ᠮᠠᠩᠰᠢᠭᠤᠷᠠᠭᠠᠳ

ᠠᠵᠠᠲᠠᠢ ᠶᠤᠮ ᠠ᠋ ᠮᠢᠨᠦ ᠬᠠᠢᠷ᠎ᠠ
ᠰᠠᠢᠬᠠᠨ ᠪᠡᠯᠬᠡᠭᠦᠰᠦ ᠶ᠋ᠢ ᠮᠢᠨᠢ ᠴᠢ ᠭᠠᠭᠴᠠᠭᠠᠷᠬᠠᠨ ᠢ᠋ᠶ᠋ᠠᠨ
ᠴᠢ ᠭᠠᠭᠴᠠᠭᠠᠷᠬᠠᠨ ᠢ᠋ᠶ᠋ᠠᠨ ᠲᠡᠪᠡᠷᠢᠭᠡᠳ
ᠠᠵᠠᠲᠠᠢ ᠶᠤᠮ ᠠ᠋ ᠠᠵᠠᠲᠠᠢ ᠶᠤᠮ ᠮᠢᠨᠦ ᠬᠠᠢᠷ᠎ᠠ

ᠳᠤᠷᠠᠯᠠᠯ ᠪᠥᠵᠢᠭᠰᠡᠨ ᠴᠡᠭᠡᠵᠢᠨ ᠳ᠋ᠦ᠍ ᠮᠢᠨᠢ ᠤᠷᠤᠭᠤᠯ ᠳᠡᠭᠳᠡᠭᠡᠳ
ᠲᠤᠩ ᠴᠠᠭᠠᠨ ᠬᠦᠵᠦᠭᠦᠨ ᠳ᠋ᠦ᠍ ᠮᠢᠨᠢ ᠬᠣᠣᠰ ᠰᠠᠷᠠᠨᠠᠢ ᠲᠡᠯᠪᠡᠭᠡᠭᠦᠯᠵᠦ
ᠳᠤᠷ᠎ᠠ ᠪᠤᠯᠢᠶᠠᠮ᠎ᠠ ᠤᠷᠤᠭᠤᠯ ᠢ᠋ ᠠᠮᠲᠠᠯᠠᠨ ᠠᠮᠲᠠᠯᠠᠭᠠᠳ
ᠳᠠᠭᠤ ᠠᠯᠳᠠᠬᠤ ᠶ᠋ᠢ ᠮᠢᠨᠢ ᠴᠢ ᠭᠠᠭᠴᠠᠭᠠᠷᠬᠠᠨ ᠢ᠋ᠶ᠋ᠠᠨ ᠮᠡᠳᠡᠷᠡᠭᠡᠳ

ᠠᠵᠠᠲᠠᠢ ᠶᠤᠮ ᠠ᠋ ᠮᠢᠨᠦ ᠬᠠᠢᠷ᠎ᠠ
ᠬᠠᠷᠠᠬᠠᠨ ᠨᠢᠳᠦ ᠶ᠋ᠢ ᠮᠢᠨᠢ ᠭᠤᠸᠠᠯᠢᠭ ᠪᠡᠯᠬᠡᠭᠦᠰᠦ ᠶ᠋ᠢ ᠮᠢᠨᠢ
ᠳᠠᠭᠤ ᠠᠯᠳᠠᠬᠤ ᠶ᠋ᠢ ᠮᠢᠨᠢ ᠴᠢ ᠭᠠᠭᠴᠠᠭᠠᠷᠬᠠᠨ ᠢ᠋ᠶ᠋ᠠᠨ ᠮᠡᠳᠡᠷᠡᠭᠡᠳ
ᠳᠠᠭᠤ ᠠᠯᠳᠠᠬᠤ ᠶ᠋ᠢ ᠮᠢᠨᠢ ᠴᠢ ᠭᠠᠭᠴᠠᠭᠠᠷᠬᠠᠨ ᠢ᠋ᠶ᠋ᠠᠨ
ᠴᠢ ᠭᠠᠭᠴᠠᠭᠠᠷᠬᠠᠨ ᠢ᠋ᠶ᠋ᠠᠨ ᠮᠡᠳᠡᠷᠡᠭᠡᠳ
         ( ᠳᠠᠬᠢᠯᠲᠠ)

ᠠᠵᠠᠲᠠᠢ ᠶᠤᠮ ᠠ᠋ ᠠᠵᠠᠲᠠᠢ ᠶᠤᠮ ᠮᠢᠨᠦ ᠬᠠᠢᠷ᠎ᠠ
ᠬᠠᠷᠠᠬᠠᠨ ᠨᠢᠳᠦ ᠶ᠋ᠢ ᠮᠢᠨᠢ ᠴᠢ ᠭᠠᠭᠴᠠᠭᠠᠷᠬᠠᠨ ᠢ᠋ᠶ᠋ᠠᠨ
ᠴᠢ ᠭᠠᠭᠴᠠᠭᠠᠷᠬᠠᠨ ᠢ᠋ᠶ᠋ᠠᠨ ᠦᠨᠦᠰᠦᠭᠡᠳ
ᠠᠵᠠᠲᠠᠢ ᠶᠤᠮ ᠠ᠋ ᠠᠵᠠᠲᠠᠢ ᠶᠤᠮ ᠮᠢᠨᠦ ᠬᠠᠢᠷ᠎ᠠ
ᠠᠵᠠᠲᠠᠢ ᠶᠤᠮ ᠠ᠋ ᠠᠵᠠᠲᠠᠢ ᠶᠤᠮ ᠮᠢᠨᠦ ᠬᠠᠢᠷ᠎ᠠ

    ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ