ᠴᠡᠩᠬᠡᠷ ᠨᠤᠲᠤᠭ ᠤ᠋ᠨ ᠪᠠᠷ᠎ᠠ -ᠬᠣᠷᠸ᠎ᠠ᠂ ᠨᠠᠷᠠᠩᠭᠤᠸ᠎ᠠ Tsenkher nutgiin baraa-Khorvoo,NarangooЦэнхэр нутгийн бараа-Хорвоо,Нарангоо
ᠴᠡᠩᠬᠡᠷ ᠨᠤᠲᠤᠭ ᠤ᠋ᠨ ᠪᠠᠷ᠎ᠠ
ᠦᠭᠡ᠄ ᠰᠡᠴᠡᠨᠳᠠᠯᠠᠢ
ᠠᠶᠠᠯᠭᠤ᠄ ᠰᠡᠴᠡᠨᠴᠣᠭᠲᠤ
ᠳᠠᠭᠤᠴᠢᠨ ᠄ ᠬᠣᠷᠸ᠎ᠠ᠂ ᠨᠠᠷᠠᠩᠭᠤᠸ᠎ᠠ
ᠬᠣᠩᠭᠣᠷ ᠭᠠᠯᠠᠭᠤᠳ ᠨᠢ ᠨᠤᠲᠤᠭ ᠢ᠋ᠶ᠋ᠠᠨ ᠲᠡᠮᠡᠦᠯᠳᠡᠭ ᠨᠢ ᠬᠦ
ᠬᠣᠯᠠ ᠶ᠋ᠢᠨ ᠲᠩᠷᠢ ᠬᠦᠰᠡᠯ ᠦ᠋ᠨ ᠮᠢᠨᠢ ᠦᠵᠦᠭᠦᠷ ᠤᠤ ᠳᠠ
ᠰᠠᠷᠠᠪᠴᠢᠯᠠᠨ ᠬᠦᠯᠢᠶᠡᠭᠰᠡᠨ ᠡᠵᠢ ᠶ᠋ᠢᠨ ᠮᠢᠨᠢ ᠪᠠᠷ᠎ᠠ ᠰᠢᠭ
ᠰᠠᠨᠠᠭᠠᠳ ᠬᠦᠷᠳᠡᠭ ᠵᠡᠭᠦᠳᠦᠨ ᠦ᠌ ᠮᠢᠨᠢ ᠬᠥᠳᠡᠭᠡ ᠤᠤ ᠳᠠ
ᠵᠠᠭᠤᠨ ᠵᠠᠭᠤᠨ ᠳ᠋ᠤ᠌ ᠪᠠᠨ ᠨᠡᠭᠦᠳᠡᠯᠯᠡᠨ ᠠᠮᠢᠳᠤᠷᠠᠭᠰᠠᠨ
ᠵᠡᠭᠡᠷ᠎ᠡ ᠶ᠋ᠢᠨ ᠭᠣᠣᠯ ᠤ᠋ᠨ ᠮᠢᠨᠢ ᠨᠠᠯᠠᠭᠠᠷᠬᠠᠨ ᠵᠤᠰᠠᠭᠠᠯ ᠤᠤ ᠳᠠ
ᠳᠠᠭᠤᠨ ᠠ᠋ᠴᠠ ᠳᠠᠭᠤᠨ ᠳ᠋ᠤ᠌ ᠳᠠᠮᠵᠢᠨ ᠮᠥᠩᠬᠡᠷᠡᠭᠰᠡᠨ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠪᠤᠮᠪᠠ ᠶ᠋ᠢᠨ ᠣᠷᠣᠨ ᠰᠢᠭ᠋ ᠪᠤᠷᠬᠠᠨ ᠵᠠᠶᠠᠭ᠎ᠠ ᠲᠠᠢ
ᠪᠣᠷ ᠪᠣᠷ ᠪᠣᠷᠣᠭᠠᠨ ᠲᠠᠢ ᠲᠠᠯ᠎ᠠ ᠮᠢᠨᠢ ᠳᠡ
ᠰᠦᠮᠪᠦᠷ ᠬᠠᠢᠷᠬᠠᠨ ᠨᠢ ᠠᠪᠤ ᠶ᠋ᠢᠨ ᠲᠥᠷᠬᠦ ᠰᠢᠭ
ᠰᠡᠷ ᠰᠡᠷ ᠰᠠᠯᠬᠢᠨ ᠲᠠᠢ ᠬᠠᠩᠭᠠᠢ ᠮᠢᠨᠢ ᠳᠡ
ᠵᠠᠭᠤᠨ ᠵᠠᠭᠤᠨ ᠳ᠋ᠤ᠌ ᠪᠠᠨ ᠨᠡᠭᠦᠳᠡᠯᠯᠡᠨ ᠠᠮᠢᠳᠤᠷᠠᠭᠰᠠᠨ
ᠵᠡᠭᠡᠷ᠎ᠡ ᠶ᠋ᠢᠨ ᠭᠣᠣᠯ ᠤ᠋ᠨ ᠮᠢᠨᠢ ᠨᠠᠯᠠᠭᠠᠷᠬᠠᠨ ᠵᠤᠰᠠᠭᠠᠯ ᠤᠤ ᠳᠠ
ᠳᠠᠭᠤᠨ ᠠ᠋ᠴᠠ ᠳᠠᠭᠤᠨ ᠳ᠋ᠤ᠌ ᠳᠠᠮᠵᠢᠨ ᠮᠥᠩᠬᠡᠷᠡᠭᠰᠡᠨ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠴᠡᠭᠡᠯ ᠦ᠋ᠨ ᠥᠨᠳᠥᠷ ᠡᠴᠡ ᠮᠢᠷᠠᠯᠵᠠᠩᠬᠠᠨ ᠤᠷᠤᠰᠳᠠᠭ ᠨᠢ ᠬᠦ
ᠴᠡᠭᠡᠨ ᠲᠠᠯ᠎ᠠ ᠶ᠋ᠢᠨ ᠮᠢᠨᠢ ᠬᠠᠯᠭᠢᠭᠣᠬᠠᠨ ᠭᠣᠣᠯ ᠤᠤ ᠳᠠ
ᠳᠥᠯᠭᠡᠬᠡᠨ ᠲᠣᠷᠮᠣᠢᠬᠤ ᠠᠮᠠᠷᠠᠭ ᠤ᠋ᠨ ᠮᠢᠨᠢ ᠬᠠᠷᠠᠴᠠ ᠰᠢᠭ᠋
ᠳᠥᠷᠦᠭᠡᠨ ᠨᠢᠭᠤᠷ ᠤ᠋ᠨ ᠮᠢᠨᠢ ᠡᠷᠬᠡ ᠰᠠᠷᠠᠨ ᠤᠤ ᠳᠠ
ᠵᠠᠭᠤᠨ ᠵᠠᠭᠤᠨ ᠳ᠋ᠤ᠌ ᠪᠠᠨ ᠨᠡᠭᠦᠳᠡᠯᠯᠡᠨ ᠠᠮᠢᠳᠤᠷᠠᠭᠰᠠᠨ
ᠵᠡᠭᠡᠷ᠎ᠡ ᠶ᠋ᠢᠨ ᠭᠣᠣᠯ ᠤ᠋ᠨ ᠮᠢᠨᠢ ᠨᠠᠯᠠᠭᠠᠷᠬᠠᠨ ᠵᠤᠰᠠᠭᠠᠯ ᠤᠤ ᠳᠠ
ᠳᠠᠭᠤᠨ ᠠ᠋ᠴᠠ ᠳᠠᠭᠤᠨ ᠳ᠋ᠤ᠌ ᠳᠠᠮᠵᠢᠨ ᠮᠥᠩᠬᠡᠷᠡᠭᠰᠡᠨ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠵᠠᠭᠤᠨ ᠵᠠᠭᠤᠨ ᠳ᠋ᠤ᠌ ᠪᠠᠨ ᠨᠡᠭᠦᠳᠡᠯᠯᠡᠨ ᠠᠮᠢᠳᠤᠷᠠᠭᠰᠠᠨ
ᠵᠡᠭᠡᠷ᠎ᠡ ᠶ᠋ᠢᠨ ᠭᠣᠣᠯ ᠤ᠋ᠨ ᠮᠢᠨᠢ ᠨᠠᠯᠠᠭᠠᠷᠬᠠᠨ ᠵᠤᠰᠠᠭᠠᠯ ᠤᠤ ᠳᠠ
ᠳᠠᠭᠤᠨ ᠠ᠋ᠴᠠ ᠳᠠᠭᠤᠨ ᠳ᠋ᠤ᠌ ᠳᠠᠮᠵᠢᠨ ᠮᠥᠩᠬᠡᠷᠡᠭᠰᠡᠨ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠳᠤᠷᠠᠳᠬᠠᠯ ᠴᠡᠩᠬᠡᠷᠬᠡᠨ ᠨᠤᠲᠤᠭ ᠤ᠋ᠨ ᠮᠢᠨᠢ ᠪᠠᠷ᠎ᠠ ᠤᠤ ᠳᠠ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
