ᠡᠵᠢ ᠲᠩᠷᠢ ᠮᠢᠨᠢ-ᠪᠠᠳᠮᠠᠬᠠᠨᠳᠠEej tenger mini-BadamkhandЭэж тэнгэр минь-Бадамханд
ᠡᠵᠢ ᠲᠩᠷᠢ ᠮᠢᠨᠢ
ᠦᠭᠡ᠄ ᠴᠢ᠊· ᠭᠡᠷᠡᠯᠴᠢᠮᠡᠭ
ᠠᠶ᠎ᠠ᠄ ᠱ· ᠠᠯᠳᠠᠨᠲᠤᠭᠤᠯᠠᠭᠠ
ᠳᠠᠭᠤᠴᠢᠨ᠄ ᠪᠠᠳᠮᠠᠬᠠᠨᠳᠠ ( ᠮᠣᠩᠭᠣᠯ ᠤᠯᠤᠰ)
ᠪᠦᠪᠡᠢ ᠠᠶᠠᠯᠤᠭᠤᠯᠵᠤ ᠰᠦ ᠢᠪᠢᠯᠦᠭᠦᠯᠦᠭᠰᠡᠨ
ᠪᠣᠷᠣᠬᠠᠨ ᠴᠠᠢᠯᠭᠠᠨ ᠢᠨᠢᠶᠡᠳᠦ ᠪᠢᠯᠬᠠᠭᠤᠯᠤᠭᠰᠠᠨ
ᠪᠤᠭᠤᠷᠤᠯ ᠲᠤᠯᠤᠭᠠᠳ ᠲᠠᠭᠠᠨ ᠰᠠᠴᠤᠯᠢ ᠪᠠᠨ ᠡᠷᠭᠦᠭᠰᠡᠨ
ᠪᠤᠶᠠᠨ ᠤ᠋ ᠬᠤᠷᠤᠢ ᠡᠵᠢ ᠲᠩᠷᠢ ᠮᠢᠨᠢ
ᠡᠵᠢ ᠲᠩᠷᠢ ᠮᠢᠨᠢ
ᠠᠮᠢᠳᠤᠷᠠᠯ ᠳ᠋ᠤ᠌ ᠲᠤᠶᠠᠭᠠᠷᠠᠭᠰᠠᠨ ᠨᠠᠷᠠᠨ ᠪᠢᠯᠡ
ᠡᠵᠢ ᠲᠩᠷᠢ ᠮᠢᠨᠢ
ᠠᠮᠢᠨ ᠵᠠᠶᠠᠭᠠᠨ ᠤ᠋ ᠰᠠᠷᠠᠨ ᠪᠢᠯᠡ
ᠦᠳᠡᠯᠦᠭᠡ ᠨᠢᠯᠬᠠᠰ ᠢ᠋ᠶ᠋ᠠᠨ ᠠᠰᠠᠷᠠᠨ ᠲᠡᠳᠬᠦᠭᠰᠡᠨ
ᠡᠷᠦᠬᠡ ᠭᠡᠷ ᠢ᠋ᠶ᠋ᠡᠨ ᠥᠨᠢᠳᠡ ᠪᠠᠳᠠᠷᠠᠭᠠᠭᠰᠠᠨ
ᠥᠭᠡᠳᠡᠯᠡᠵᠦ ᠤᠷᠤᠭᠤᠳᠠᠬᠤ ᠬᠥᠮᠦᠨ ᠦ᠌ ᠠᠮᠢᠳᠤᠷᠠᠯ ᠤ᠋ᠨ
ᠥᠮᠥᠭ ᠲᠦᠰᠢᠭ ᠬᠦᠷᠳᠦᠨ ᠰᠠᠬᠢᠭᠤᠰᠤ ᠮᠢᠨᠢ
ᠡᠵᠢ ᠲᠩᠷᠢ ᠮᠢᠨᠢ
ᠠᠮᠢᠳᠤᠷᠠᠯ ᠳ᠋ᠤ᠌ ᠲᠤᠶᠠᠭᠠᠷᠠᠭᠰᠠᠨ ᠨᠠᠷᠠᠨ ᠪᠢᠯᠡ
ᠡᠵᠢ ᠲᠩᠷᠢ ᠮᠢᠨᠢ
ᠠᠮᠢᠨ ᠵᠠᠶᠠᠭᠠᠨ ᠤ᠋ ᠰᠠᠷᠠᠨ ᠪᠢᠯᠡ
ᠳᠡᠭᠡᠳᠦᠰ ᠦ᠋ᠨ ᠠᠷᠢᠭᠤᠨ ᠰᠤᠷᠭᠠᠯ ᠢ᠋ᠶ᠋ᠠᠨ ᠥᠪᠯᠡᠭᠦᠯᠦᠭᠰᠡᠨ
ᠳᠡᠯᠭᠡᠷ ᠰᠠᠢᠬᠠᠨ ᠰᠣᠶᠣᠯ ᠢ᠋ᠶ᠋ᠠᠨ ᠳᠡᠭᠡᠳᠦᠯᠡᠭᠰᠡᠨ
ᠲᠠᠩᠳᠠ ᠨᠠᠮ᠎ᠠ ᠪᠠᠨ ᠳᠠᠭᠠᠳᠬᠠᠨ ᠵᠠᠯᠪᠠᠷᠢᠭᠰᠠᠨ
ᠳᠡᠭᠵᠢᠷᠡᠬᠦ ᠠᠮᠢᠳᠤᠷᠠᠯ ᠤ᠋ᠨ ᠠᠯᠲᠠᠨ ᠬᠡᠯᠬᠢᠶ᠎ᠡ ᠮᠢᠨᠢ
ᠡᠵᠢ ᠲᠩᠷᠢ ᠮᠢᠨᠢ
ᠠᠮᠢᠳᠤᠷᠠᠯ ᠳ᠋ᠤ᠌ ᠲᠤᠶᠠᠭᠠᠷᠠᠭᠰᠠᠨ ᠨᠠᠷᠠᠨ ᠪᠢᠯᠡ
ᠡᠵᠢ ᠲᠩᠷᠢ ᠮᠢᠨᠢ
ᠠᠮᠢᠨ ᠵᠠᠶᠠᠭᠠᠨ ᠤ᠋ ᠰᠠᠷᠠᠨ ᠪᠢᠯᠡ
ᠡᠵᠢ ᠲᠩᠷᠢ ᠮᠢᠨᠢ
ᠠᠮᠢᠳᠤᠷᠠᠯ ᠳ᠋ᠤ᠌ ᠲᠤᠶᠠᠭᠠᠷᠠᠭᠰᠠᠨ ᠨᠠᠷᠠᠨ ᠪᠢᠯᠡ
ᠡᠵᠢ ᠲᠩᠷᠢ ᠮᠢᠨᠢ
ᠠᠮᠢᠨ ᠵᠠᠶᠠᠭᠠᠨ ᠤ᠋ ᠰᠠᠷᠠᠨ ᠪᠢᠯᠡ
ᠦᠰᠦᠭ ᠠᠮᠢᠯᠠᠭᠤᠯᠤᠭᠴᠢ᠂ ᠦᠰᠦᠭ ᠬᠠᠳᠠᠭᠴᠢ᠄ ᠪᠠᠢ ᠰᠠᠷᠠᠨ᠎ᠠ
