ᠴᠠᠭᠠᠨ ᠰᠠᠷ᠎ᠠ -ᠪᠤᠶᠠᠨᠵᠢᠷᠭᠠᠯ Tsagaan sar-BuyanjargalЦагаан сар-Буянжаргал
ᠴᠠᠭᠠᠨ ᠰᠠᠷ᠎ᠠ
ᠦᠭᠡ᠄ ᠭᠠᠩᠪᠠᠭᠠᠲᠤᠷ
ᠠᠶ᠎ᠠ᠄ ᠫᠦᠷᠪᠦᠰᠥ᠋ᠷᠦᠩ
ᠳᠠᠭᠤᠴᠢᠨ᠄ ᠪᠤᠶᠠᠨᠵᠢᠷᠭᠠᠯ
ᠠᠳᠤᠭᠤᠨ ᠳᠤᠮᠳᠠ ᠠ᠋ᠴᠠ ᠮᠣᠷᠢᠳ ᠢ᠋ᠶ᠋ᠠᠨ ᠪᠠᠷᠢᠭᠠᠳ
ᠠᠷᠪᠠᠨ ᠴᠠᠭᠠᠨ ᠲᠠᠢ ᠡᠮᠡᠭᠡᠯ ᠢ᠋ᠶ᠋ᠡᠨ ᠲᠣᠬᠣᠭᠠᠳ
ᠠᠲᠠᠷ ᠲᠠᠯ᠎ᠠ ᠶ᠋ᠢᠨ ᠮᠠᠨᠠᠨ ᠵᠦᠰᠦᠵᠦ
ᠠᠪᠤ ᠡᠵᠢ ᠳ᠋ᠦ᠍ ᠪᠡᠨ ᠣᠴᠢᠵᠤ ᠰᠢᠨᠠᠯᠠᠨ᠎ᠠ ᠳᠠ
ᠰᠠᠢᠨ ᠤ᠋ ᠢᠷᠦᠭᠡᠯ ᠢ᠋ᠶ᠋ᠡᠷ ᠰᠠᠴᠤᠯᠢ ᠪᠠᠨ ᠡᠷᠭᠦᠭᠰᠡᠨ
ᠰᠠᠢᠬᠠᠨ ᠮᠣᠩᠭᠣᠯ ᠤ᠋ᠨ ᠴᠠᠭᠠᠨ ᠰᠠᠷ᠎ᠠ
ᠭᠠᠩᠭᠠᠩ ᠮᠣᠷᠢᠳ ᠤ᠋ᠨ ᠬᠠᠲᠠᠷᠢᠭ᠎ᠠ ᠳᠣᠭᠣᠯᠭᠠᠵᠤ
ᠭᠣᠶᠣᠬᠠᠨ ᠳᠡᠪᠡᠯ ᠦ᠋ᠨ ᠵᠢᠪᠠᠷ ᠢ᠋ ᠦᠷᠭᠦᠭᠡᠵᠦ
ᠭᠠᠵᠠᠷ ᠬᠣᠯᠠ ᠠ᠋ᠴᠠ ᠵᠣᠷᠢᠭᠠᠳ ᠣᠴᠢᠬᠤ ᠳ᠋ᠤ᠌
ᠭᠠᠳᠠᠨ᠎ᠠ ᠪᠠᠨ ᠤᠭᠲᠤᠬᠤ ᠠᠬᠠᠨ ᠲᠡᠭᠦᠰ ᠮᠢᠨᠢ
ᠰᠠᠢᠨ ᠤ᠋ ᠢᠷᠦᠭᠡᠯ ᠢ᠋ᠶ᠋ᠡᠷ ᠰᠠᠴᠤᠯᠢ ᠪᠠᠨ ᠡᠷᠭᠦᠭᠰᠡᠨ
ᠰᠠᠢᠬᠠᠨ ᠮᠣᠩᠭᠣᠯ ᠤ᠋ᠨ ᠴᠠᠭᠠᠨ ᠰᠠᠷ᠎ᠠ
ᠬᠥᠭᠡᠷᠦᠨ ᠮᠠᠨᠳᠤᠬᠤ ᠨᠠᠷᠠᠨ ᠤ᠋ ᠢᠯᠴᠢᠨ ᠳ᠋ᠦ᠍
ᠬᠥᠨᠳᠡᠢ ᠶ᠋ᠢᠨ ᠵᠢᠪᠠᠷ ᠠᠭᠤᠵᠢᠮ ᠢ᠋ᠶ᠋ᠠᠷ ᠬᠣᠯᠠᠳᠠᠬᠤ ᠳ᠋ᠤ᠌
ᠬᠥᠬᠡ ᠲᠩᠷᠢ ᠶ᠋ᠢᠨ ᠲᠠᠮᠠᠭ᠎ᠠ ᠲᠠᠢ ᠮᠣᠩᠭᠣᠯᠴᠤᠳ
ᠬᠥᠭᠡᠷᠭᠡ ᠵᠥᠷᠢᠭᠦᠯᠦᠨ ᠮᠡᠨᠳᠦᠯᠡᠨ ᠵᠣᠯᠭᠠᠨ᠎ᠠ ᠳᠠ
ᠰᠠᠢᠨ ᠤ᠋ ᠢᠷᠦᠭᠡᠯ ᠢ᠋ᠶ᠋ᠡᠷ ᠰᠠᠴᠤᠯᠢ ᠪᠠᠨ ᠡᠷᠭᠦᠭᠰᠡᠨ
ᠰᠠᠢᠬᠠᠨ ᠮᠣᠩᠭᠣᠯ ᠤ᠋ᠨ ᠴᠠᠭᠠᠨ ᠰᠠᠷ᠎ᠠ
ᠰᠠᠢᠨ ᠤ᠋ ᠢᠷᠦᠭᠡᠯ ᠢ᠋ᠶ᠋ᠡᠷ ᠰᠠᠴᠤᠯᠢ ᠪᠠᠨ ᠡᠷᠭᠦᠭᠰᠡᠨ
ᠰᠠᠢᠬᠠᠨ ᠮᠣᠩᠭᠣᠯ ᠤ᠋ᠨ ᠴᠠᠭᠠᠨ ᠰᠠᠷ᠎ᠠ
ᠰᠠᠢᠬᠠᠨ ᠮᠣᠩᠭᠣᠯ ᠤ᠋ᠨ ᠴᠠᠭᠠᠨ ᠰᠠᠷ᠎ᠠ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
