《ᠮᠣᠩᠭᠣᠯ ᠤ᠋ᠨ ᠨᠢᠭᠤᠴᠠ ᠲᠣᠪᠴᠢᠶᠠᠨ》 ᠶᠢᠰᠦᠳᠦᠭᠡᠷ ᠪᠦᠯᠦᠭ ᠂ ᠰᠢᠳᠠᠷ ᠬᠡᠰᠢᠭᠲᠡᠨ ᠴᠡᠷᠢᠭ ᠢ᠋ ᠪᠠᠢᠭᠤᠯᠤᠭᠰᠠᠨ ᠨᠢ Шадар хишигтэн цэргий байгуулсан нь ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠮᠣᠩᠭᠣᠯ ᠤ᠋ᠨ ᠨᠢᠭᠤᠴᠠ ᠲᠣᠪᠴᠢᠶᠠᠨ》 ᠶᠢᠰᠦᠳᠦᠭᠡᠷ ᠪᠦᠯᠦᠭ ᠂ ᠰᠢᠳᠠᠷ ᠬᠡᠰᠢᠭᠲᠡᠨ ᠴᠡᠷᠢᠭ ᠢ᠋ ᠪᠠᠢᠭᠤᠯᠤᠭᠰᠠᠨ ᠨᠢ Шадар хишигтэн цэргий байгуулсан нь

《ᠮᠣᠩᠭᠣᠯ ᠤ᠋ᠨ ᠨᠢᠭᠤᠴᠠ ᠲᠣᠪᠴᠢᠶᠠᠨ》 ᠶᠢᠰᠦᠳᠦᠭᠡᠷ ᠪᠦᠯᠦᠭ ᠂ ᠰᠢᠳᠠᠷ ᠬᠡᠰᠢᠭᠲᠡᠨ ᠴᠡᠷᠢᠭ ᠢ᠋ ᠪᠠᠢᠭᠤᠯᠤᠭᠰᠠᠨ ᠨᠢ Шадар хишигтэн цэргий байгуулсан нь

ᠠᠩᠭᠢᠯᠠᠯ:ᠲᠡᠦᠬᠡ ᠰᠣᠶᠣᠯ
2023-10-31

1667


 209᠂ ᠪᠠᠰᠠ ᠴᠢᠩᠭᠢᠰ ᠬᠠᠭᠠᠨ᠂ ᠬᠤᠪᠢᠯᠠᠢ ᠳ᠋ᠤ᠌ ᠥᠭᠦᠯᠡᠷᠦᠨ᠄ 《ᠴᠢ ᠬᠦᠴᠦᠲᠡᠨ ᠦ᠌ ᠬᠦᠵᠦᠭᠦᠦ ᠶ᠋ᠢ ᠮᠤᠰᠬᠢᠵᠦ᠂ ᠪᠥᠬᠡᠴᠦᠳ ᠦ᠋ᠨ ᠪᠥᠭᠰᠡ ᠶ᠋ᠢ ᠰᠢᠷᠤᠢᠳᠠᠭᠤᠯᠵᠤ ᠥᠭᠪᠡ᠃ ᠣᠳᠣ ᠬᠤᠪᠢᠯᠠᠢ᠂ ᠵᠠᠯᠮ᠎ᠠ᠂ ᠵᠡᠪᠡ᠂ ᠰᠦᠪᠡᠬᠡᠳᠡᠢ ᠲᠠ ᠳᠥᠷᠪᠡᠭᠦᠯᠡ ᠰᠠᠢᠨ ᠨᠣᠬᠠᠢ ᠮᠡᠲᠦ ᠢᠲᠡᠭᠡᠯ ᠲᠡᠢ ᠨᠥᠬᠥᠳ ᠮᠥᠨ᠃ ᠲᠠ ᠨᠠᠷ ᠢ᠋ ᠬᠠᠮᠢᠭ᠎ᠠ ᠴᠤ᠌ ᠢᠯᠡᠭᠡᠪᠡᠯ ᠬᠥᠷ ᠭᠡᠰᠡᠨ ᠭᠠᠵᠠᠷ ᠬᠦᠷᠴᠦ ᠬᠥᠷ ᠴᠢᠯᠠᠭᠤ ᠶ᠋ᠢ ᠬᠡᠮᠬᠡ ᠴᠣᠬᠢᠵᠤ᠂ᠬᠠᠯᠳᠠ ᠭᠡᠰᠡᠨ ᠭᠠᠵᠠᠷ ᠬᠠᠯᠳᠠᠵᠤ ᠬᠠᠳᠠ ᠴᠢᠯᠠᠭᠤ ᠶ᠋ᠢ ᠬᠠᠭ᠎ᠠ ᠴᠣᠬᠢᠵᠤ᠂ ᠴᠡᠭᠡᠨ ᠴᠢᠯᠠᠭᠤ ᠶ᠋ᠢ ᠪᠤᠲᠠᠷᠠᠲᠠᠯ᠎ᠠ ᠴᠡᠭᠡᠯ ᠦ᠋ᠨ ᠤᠰᠤ ᠶ᠋ᠢ ᠴᠠᠯᠭᠢᠲᠠᠯ᠎ᠠ ᠨᠢᠷᠭᠡᠵᠦ ᠨᠢᠳᠦᠯᠡᠵᠦ ᠶᠠᠪᠤᠪᠠ᠃
 ᠬᠤᠪᠢᠯᠠᠢ᠂ ᠵᠡᠯᠮ᠎ᠡ᠂ ᠵᠡᠪᠡ᠂ ᠰᠦᠪᠡᠬᠡᠳᠡᠢ ᠳᠥᠷᠪᠡᠨ ᠰᠠᠢᠨ ᠨᠣᠬᠠᠢ ᠪᠠᠨ ᠵᠣᠷᠢᠭᠰᠠᠨ ᠭᠠᠵᠠᠷ ᠲᠠᠭᠠᠨ ᠶᠠᠪᠤᠭᠤᠯᠤᠭᠠᠳ᠂ ᠪᠣᠭᠣᠷᠴᠤ᠂ ᠮᠤᠬᠤᠯᠠᠢ᠂  ᠪᠣᠷᠣᠬᠤᠯ᠂ ᠴᠢᠯᠠᠭᠤᠨ ᠳᠥᠷᠪᠡᠨ ᠬᠦᠯᠦᠭ ᠪᠠᠭᠠᠲᠤᠷ ᠢ᠋ᠶ᠋ᠠᠨ ᠳᠡᠷᠭᠡᠳᠡ ᠪᠡᠨ ᠠᠪᠴᠤ᠂ ᠬᠠᠳᠬᠤᠯᠳᠤᠬᠤ ᠡᠳᠦᠷ ᠬᠠᠮᠤᠭ ᠤ᠋ᠨ ᠲᠡᠷᠢᠭᠦᠨ ᠳ᠋ᠦ᠍ ᠣᠷᠣᠭᠣᠳ ᠮᠠᠩᠭ᠋ᠣᠳ ᠤ᠋ᠨ ᠴᠡᠷᠢᠭ ᠢ᠋ ᠵᠦᠷᠴᠢᠳᠡᠢ ᠬᠣᠢ᠌ᠯᠳᠠᠷ ᠬᠣᠶᠠᠷ ᠢ᠋ᠶ᠋ᠠᠷ ᠲᠣᠯᠣᠭᠠᠢᠯᠠᠭᠤᠯᠤᠨ ᠮᠣᠷᠳᠠᠭᠤᠯᠪᠠᠯ ᠰᠠᠶᠢ ᠮᠢᠨᠦ ᠰᠡᠳᠬᠢᠯ ᠪᠦᠷᠢᠨ᠎ᠡ ᠠᠮᠠᠷᠠᠳᠠᠭ ᠪᠢᠯᠡ》 ᠭᠡᠪᠡ᠃ 《ᠬᠤᠪᠢᠯᠠᠢ ᠴᠢ ᠴᠡᠷᠢᠭ ᠦ᠋ᠨ ᠦᠢᠯᠡ ᠪᠦᠭᠦᠳᠡ ᠶ᠋ᠢ ᠶᠡᠷᠦᠩᠬᠡᠢᠯᠡᠨ ᠵᠠᠬᠢᠷᠴᠤ ᠪᠠᠢ》 ᠭᠡᠵᠦ ᠰᠣᠶᠣᠷᠬᠠᠵᠤ ᠵᠠᠷᠯᠢᠭ ᠪᠣᠯᠪᠠ᠃ ᠪᠠᠰᠠ 《 ᠪᠢᠲᠡᠭᠦᠨ᠂ ᠶᠡᠬᠡ ᠳᠤᠭᠤᠯᠭᠠᠷ ᠦᠭᠡᠢ ᠲᠤᠯᠠ ᠪᠢ ᠪᠤᠷᠤᠭᠤᠰᠢᠶᠠᠵᠤ ᠮᠢᠩᠭᠠᠨ ᠤ᠋ ᠨᠣᠶᠠᠨ ᠪᠣᠯᠭᠠᠭᠰᠠᠨ ᠦᠭᠡᠢ᠃ ᠴᠢ ᠲᠡᠭᠦᠨ ᠢ᠋ ᠰᠤᠷᠭᠠᠵᠤ ᠦᠵᠡ᠂ ᠲᠡᠷᠡ ᠴᠢᠮ᠎ᠠ ᠲᠠᠢ ᠵᠥᠪᠰᠢᠵᠦ ᠨᠢᠭᠡ ᠮᠢᠩᠭᠠᠨ ᠢ᠋ ᠵᠠᠬᠢᠷᠴᠤ ᠶᠠᠪᠤᠲᠤᠭᠠᠢ᠃ ᠪᠢᠲᠡᠭᠦᠨ ᠢ᠋ ᠬᠣᠢᠰᠢ ᠶᠠᠮᠠᠷ ᠪᠣᠯᠬᠤ ᠶ᠋ᠢ ᠪᠢᠳᠡ ᠦᠵᠡᠶ᠎ᠡ》 ᠭᠡᠪᠡ᠃
 210᠂ ᠪᠠᠰᠠ ᠴᠢᠩᠭᠢᠰ ᠬᠠᠭᠠᠨ ᠬᠡᠨᠡᠭᠡᠲᠡᠢ ᠬᠤᠨᠠᠨ ᠳ᠋ᠤ᠌ ᠥᠭᠦᠯᠡᠷᠦᠨ᠄ 《ᠪᠣᠭᠣᠷᠴᠤ ᠮᠤᠬᠤᠯᠠᠢ ᠲᠡᠷᠢᠭᠦᠲᠡᠨ ᠨᠣᠶᠠᠳ ᠠ᠋᠂ ᠲᠣᠳᠢ ᠲᠤᠭᠤᠯᠬᠤ ᠲᠡᠷᠢᠭᠦᠲᠡᠨ ᠴᠡᠷᠪᠢ ᠨᠠᠷ ᠠ᠋᠂ᠡᠨᠡ ᠬᠤᠨᠠᠨ᠂ᠬᠠᠷᠠᠩᠬᠤᠢ ᠰᠥᠨᠢ ᠬᠠᠯᠳᠠᠬᠤ ᠴᠢᠨᠣ᠎ᠠ ᠪᠣᠯᠵᠤ ᠭᠡᠭᠡᠨ ᠡᠳᠦᠷ ᠬᠡᠰᠦᠬᠦ ᠬᠡᠷᠢᠶ᠎ᠡ ᠪᠣᠯᠵᠤ᠂ᠨᠡᠭᠦᠬᠦ ᠳ᠋ᠦ᠍ ᠦᠯᠡᠳᠡᠬᠦ ᠦᠭᠡᠢ᠂ᠦᠯᠡᠳᠡᠬᠦ ᠳ᠋ᠦ᠍ ᠨᠡᠭᠦᠬᠦ ᠦᠭᠡᠢ᠂ᠦᠷᠭᠦᠯᠵᠢ ᠨᠠᠮ᠎ᠠ ᠶ᠋ᠢ ᠳᠠᠭᠠᠵᠤ᠂ᠬᠠᠷᠢ ᠶ᠋ᠢᠨ ᠳᠠᠢᠰᠤᠨ ᠳ᠋ᠤ᠌ ᠬᠠᠯᠠᠭᠤᠨ ᠨᠢᠭᠤᠷ ᠥᠭᠴᠦ ᠬᠠᠷᠢᠯᠴᠠᠳᠠᠭ ᠦᠭᠡᠢ᠂ᠥᠰᠢᠶᠡᠲᠦ ᠬᠥᠮᠦᠨ ᠳ᠋ᠦ᠍ ᠥᠮᠥᠭ ᠲᠤᠰᠠ ᠪᠣᠯᠵᠤ ᠥᠭᠡᠷ᠎ᠡ ᠵᠠᠩ ᠭᠠᠷᠭᠠᠳᠠᠭ ᠦᠭᠡᠢ ᠪᠢᠯᠡ᠃
 ᠬᠤᠨᠠᠨ ᠬᠦᠬᠡᠴᠥᠰ ᠬᠣᠶᠠᠷ ᠲᠠᠢ ᠵᠥᠪᠯᠡᠵᠦ ᠬᠠᠮᠤᠭ ᠦᠢᠯᠡᠰ ᠢ᠋ ᠦᠢᠯᠡᠳᠦᠭᠲᠦᠨ》 ᠭᠡᠵᠦ ᠵᠠᠷᠯᠢᠭ ᠪᠣᠯᠪᠠ᠃ 《ᠬᠥᠪᠡᠭᠦᠳ ᠦ᠋ᠨ ᠮᠢᠨᠢ ᠠᠬ᠎ᠠ ᠵᠥᠴᠢ ᠪᠢᠵᠡ᠃ ᠬᠤᠨᠠᠨ ᠬᠡᠨᠢᠬᠡᠰ ᠣᠪᠣᠭᠲᠠᠨ ᠢ᠋ᠶ᠋ᠠᠨ ᠲᠡᠷᠢᠭᠦᠯᠡᠨ ᠵᠠᠬᠢᠷᠴᠤ᠂ ᠮᠢᠨᠦ ᠬᠥᠪᠡᠭᠦᠨ ᠵᠥᠴᠢ ᠶ᠋ᠢᠨ ᠳᠣᠣᠷ᠎ᠠ ᠲᠦᠮᠡᠨ ᠦ᠌ ᠨᠣᠶᠠᠨ ᠪᠣᠯᠲᠤᠭᠠᠢ》 ᠭᠡᠵᠦ ᠵᠠᠷᠯᠢᠭ ᠪᠣᠯᠪᠠ᠃ 《ᠬᠤᠨᠠᠨ᠂  ᠬᠦᠬᠡᠴᠦᠰ᠂ ᠳᠡᠭᠡᠢ᠂ ᠤᠰᠤᠨ ᠡᠪᠦᠭᠡᠨ ᠡᠨᠡ ᠳᠥᠷᠪᠡᠭᠦᠯᠡ ᠦᠵᠡᠭᠰᠡᠨ ᠢ᠋ᠶ᠋ᠡᠨ ᠨᠢᠭᠤᠬᠤ ᠦᠭᠡᠢ᠂ ᠦᠨᠡᠨ ᠦᠭᠡ ᠪᠡᠨ ᠬᠡᠯᠡᠵᠦ᠂ ᠮᠡᠳᠡᠭᠰᠡᠨ ᠢ᠋ᠶ᠋ᠡᠨ ᠮᠡᠯᠵᠢᠬᠦ ᠦᠭᠡᠢ᠂ ᠰᠣᠨᠣᠰᠤᠭᠰᠠᠨ ᠦᠭᠡ ᠪᠡᠨ ᠰᠣᠨᠣᠰᠬᠠᠳᠠᠭ ᠪᠢᠯᠡ᠃》
 211᠂ ᠪᠠᠰᠠ ᠴᠢᠩᠭᠢᠰ ᠬᠠᠭᠠᠨ ᠵᠠᠯᠮ᠎ᠠ ᠳ᠋ᠤ᠌ ᠥᠭᠦᠯᠡᠷᠦᠨ᠄ 《 ᠵᠠᠷᠴᠢᠭᠤᠳᠠᠢ ᠡᠪᠦᠭᠡᠨ᠂ ᠦᠯᠢᠶᠡᠬᠦ ᠬᠥᠭᠡᠷᠭᠡ ᠪᠡᠨ ᠡᠭᠦᠷᠴᠦ ᠥᠴᠦᠬᠡᠨ ᠬᠥᠪᠡᠭᠦᠨ ᠢ᠋ᠶ᠋ᠡᠨ ᠳᠠᠭᠠᠭᠤᠯᠵᠤ᠂ ᠪᠤᠷᠬᠠᠨ ᠬᠠᠯᠳᠤᠨ ᠠ᠋ᠴᠠ ᠪᠠᠭᠤᠵᠤ ᠢᠷᠡᠭᠡᠳ ᠤᠨᠤᠨ ᠤ᠋ ᠳᠡᠯᠢᠭᠦᠨ ᠪᠣᠯᠳᠣᠭ ᠲᠤ᠌ ᠨᠠᠮ᠎ᠠ ᠶ᠋ᠢ ᠲᠥᠷᠥᠬᠦ ᠴᠠᠭ ᠲᠤ᠌ ᠪᠤᠯᠠᠭᠠᠨ ᠥᠯᠥᠭᠡᠢ ᠥᠭᠪᠡ᠃ ᠲᠡᠭᠦᠨ ᠡᠴᠡ ᠬᠣᠢᠰᠢ ᠴᠤ᠌ ᠪᠣᠱᠣᠭ᠎ᠠ ᠬᠠᠲᠠᠪᠴᠢ ᠶ᠋ᠢᠨ ᠪᠣᠭᠣᠯ᠂ ᠡᠷᠦᠬᠡ ᠡᠭᠦᠳᠡ ᠶ᠋ᠢᠨ ᠥᠮᠴᠢ ᠪᠣᠯᠵᠤ᠂ ᠡᠳᠦᠢ ᠲᠡᠳᠦᠢ ᠲᠤᠰᠠ ᠶ᠋ᠢ ᠬᠦᠷᠭᠡᠪᠡ᠃ ᠪᠤᠯᠠᠭᠠᠨ ᠥᠯᠥᠭᠡᠢ ᠳ᠋ᠦ᠍ ᠲᠥᠷᠥᠭᠰᠡᠨ ᠪᠤᠶᠠᠨᠲᠤ ᠨᠥᠬᠥᠷ ᠮᠢᠨᠢ᠂ ᠬᠠᠮᠲᠤ ᠲᠥᠷᠥᠭᠡᠳ ᠬᠠᠨᠢ ᠪᠣᠯᠵᠤ ᠥᠰᠦᠭᠰᠡᠨ ᠬᠠᠢᠷᠠᠲᠤ ᠨᠥᠬᠥᠷ ᠵᠡᠯᠮ᠎ᠡ ᠮᠢᠨᠢ᠂ ᠴᠢᠮ᠎ᠠ ᠶ᠋ᠢ ᠶᠢᠰᠦᠨ ᠤᠳᠠᠭ᠎ᠠ ᠣᠰᠣᠯ ᠶᠠᠯ᠎ᠠ ᠭᠠᠷᠭᠠᠬᠤ ᠳ᠋ᠤ᠌ ᠪᠤᠷᠤᠭᠤᠰᠢᠶᠠᠨ ᠶᠠᠯᠠᠯᠠᠬᠤ ᠦᠭᠡᠢ》 ᠭᠡᠵᠦ ᠵᠠᠷᠯᠢᠭ ᠪᠣᠯᠪᠠ᠃
 212᠂ ᠪᠠᠰᠠ ᠴᠢᠩᠭᠢᠰ ᠬᠠᠭᠠᠨ ᠲᠤᠯᠤᠨ ᠳ᠋ᠤ᠌ ᠥᠭᠦᠯᠡᠷᠦᠨ᠄ 《ᠡᠴᠢᠭᠡ ᠡᠴᠡ ᠲᠤᠰᠠᠭᠠᠷ ᠮᠢᠩᠭᠠᠨ ᠢ᠋ ᠵᠠᠬᠢᠷᠴᠤ ᠪᠠᠢᠭᠰᠠᠨ ᠪᠢᠯᠡ᠃ ᠤᠯᠤᠰ ᠢ᠋ ᠬᠣᠷᠢᠶᠠᠨ ᠲᠣᠬᠣᠨᠢᠭᠤᠯᠬᠤ ᠳ᠋ᠤ᠌ ᠴᠢ ᠥᠪᠡᠷ ᠦ᠋ᠨ ᠡᠴᠢᠭᠡ ᠶ᠋ᠢᠨ ᠥᠷᠥᠭᠡᠯ ᠵᠢᠭᠦᠷ ᠪᠣᠯᠤᠨ ᠵᠢᠳᠬᠦᠵᠦ ᠪᠦᠲᠦᠭᠡᠭᠰᠡᠨ ᠦ᠌ ᠲᠤᠯᠠ ᠴᠡᠷᠪᠢ ᠭᠡᠳᠡᠭ ᠴᠣᠯᠠ ᠶ᠋ᠢ ᠠᠪᠪᠠ᠃ ᠣᠳᠣ ᠴᠢ ᠥᠪᠡᠷ ᠦ᠋ᠨ ᠣᠯᠤᠭᠰᠠᠨ ᠵᠥᠭᠡᠭᠡᠭᠰᠡᠨ ᠢᠷᠭᠡᠨ ᠢ᠋ᠶ᠋ᠡᠨ ᠮᠢᠩᠭ᠋ᠠᠳᠣ ᠪᠣᠯᠭᠠᠵᠤ᠂ ᠳᠣᠷᠣᠬᠠᠨ ᠲᠠᠢ ᠵᠥᠪᠰᠢᠵᠦ ᠵᠠᠬᠢᠷᠤᠭᠲᠤᠨ》 ᠭᠡᠵᠦ ᠵᠠᠷᠯᠢᠭ ᠪᠣᠯᠪᠠ᠃
 213᠂ ᠪᠠᠰᠠ ᠴᠢᠩᠭᠢᠰ ᠬᠠᠭᠠᠨ᠂ ᠥᠩᠭᠥᠷ ᠪᠠᠭᠤᠷᠴᠢ ᠳ᠋ᠤ᠌ ᠥᠭᠦᠯᠡᠷᠦᠨ᠄ 《ᠮᠥᠩᠬᠡᠲᠦ ᠬᠢᠶᠠᠨ ᠤ᠋ ᠬᠥᠪᠡᠭᠦᠨ ᠥᠩᠭᠥᠷ ᠴᠢ᠂ ᠭᠤᠷᠪᠠᠨ ᠠᠢᠮᠠᠭ ᠲᠣᠬᠣᠷᠠᠭᠣᠳ᠂ ᠲᠠᠪᠤᠨ ᠠᠢᠮᠠᠭ ᠲᠠᠷᠭᠣᠳ᠂ ᠴᠠᠩᠰᠢᠭᠤᠳ ᠪᠠᠶᠠᠭᠤᠳ ᠢ᠋ᠶ᠋ᠠᠨ ᠳᠠᠭᠠᠭᠤᠯᠵᠤ ᠨᠢᠭᠡᠨ ᠬᠦᠷᠢᠶ᠎ᠡ ᠪᠣᠯᠵᠤ᠂ᠪᠤᠳᠠᠩ ᠮᠠᠨᠠᠨ ᠳ᠋ᠤ᠌ ᠲᠥᠭᠡᠷᠢᠯ ᠦᠭᠡᠢ᠂ᠪᠤᠯᠢᠶᠠᠯᠳᠤᠬᠤ ᠲᠡᠢᠨ ᠳ᠋ᠦ᠍ ᠰᠠᠯᠤᠯ ᠦᠭᠡᠢ᠂ᠨᠣᠢᠲᠠᠨ ᠳ᠋ᠤ᠌ ᠬᠠᠮᠲᠤ ᠨᠣᠷᠴᠤ ᠬᠦᠢᠲᠡᠨ ᠳ᠋ᠦ᠍ ᠬᠠᠮᠲᠤ ᠬᠥᠷᠥᠵᠦ ᠶᠠᠪᠤᠪᠠ ᠴᠢ᠃ᠣᠳᠣ ᠶᠠᠮᠠᠷ ᠰᠣᠶᠣᠷᠬᠠᠯ ᠠᠪᠬᠤ ᠪᠣᠢ᠂ ᠴᠢ?》 ᠭᠡᠪᠡᠯ ᠥᠩᠭᠥᠷ ᠥᠭᠦᠯᠡᠷᠦᠨ᠄ 《ᠰᠣᠶᠣᠷᠬᠠᠯ ᠢ᠋ ᠰᠣᠩᠭ᠋ᠣᠭᠣᠯᠪᠠᠯ ᠬᠠᠮᠤᠭ ᠪᠠᠶᠠᠭᠣᠳ ᠠᠬ᠎ᠠ ᠳᠡᠭᠦᠦ ᠨᠠᠷ᠂ ᠬᠠᠮᠢᠶ᠎ᠠ ᠦᠭᠡᠢ ᠪᠤᠲᠠᠷᠠᠨ ᠲᠠᠷᠠᠵᠤ ᠪᠠᠢᠨ᠎ᠠ᠃ ᠬᠠᠭᠠᠨ ᠰᠣᠶᠣᠷᠬᠠᠪᠠᠯ ᠪᠠᠶᠠᠭᠣᠳ ᠠᠬ᠎ᠠ ᠳᠡᠭᠦᠦ ᠨᠠᠷ ᠢ᠋ᠶ᠋ᠠᠨ ᠴᠤᠭᠯᠠᠭᠤᠯᠤᠨ ᠵᠠᠬᠢᠷᠤᠶ᠎ᠠ》 ᠭᠡᠪᠡᠯ᠂ 《ᠲᠡᠭᠡ᠂ ᠪᠠᠶᠠᠭᠤᠳ ᠠᠬ᠎ᠠ ᠳᠡᠭᠦᠦ ᠨᠠᠷ ᠢ᠋ᠶ᠋ᠠᠨ ᠴᠤᠭᠯᠠᠭᠤᠯᠵᠤ ᠮᠢᠩᠭᠠᠨ ᠢ᠋ ᠴᠢ ᠵᠠᠬᠢᠷᠲᠤᠭᠠᠢ》 ᠭᠡᠵᠦ ᠵᠠᠷᠯᠢᠭ ᠪᠣᠯᠪᠠ᠃ ᠪᠠᠰᠠ ᠴᠢᠩᠭᠢᠰ ᠬᠠᠭᠠᠨ ᠵᠠᠷᠯᠢᠭ ᠪᠣᠯᠤᠷᠤᠨ᠄ 《  ᠪᠣᠷᠣᠬᠤᠯ ᠥᠩᠭᠥᠷ ᠲᠠ ᠬᠣᠶᠠᠷ᠂ ᠪᠠᠭᠤᠷᠴᠢ ᠲᠦᠭᠡᠭᠡᠭᠴᠢ ᠪᠣᠯᠵᠤ᠂ ᠪᠠᠷᠠᠭᠤᠨ ᠵᠡᠭᠦᠨ ᠡᠲᠡᠭᠡᠳ ᠲᠦ᠍ ᠪᠠᠷᠢᠬᠤ ᠢᠳᠡᠭᠡ ᠶ᠋ᠢ ᠲᠦᠭᠡᠭᠡᠵᠦ᠂ ᠪᠠᠷᠠᠭᠤᠨ ᠲᠠᠯ᠎ᠠ ᠶ᠋ᠢᠨ ᠬᠥᠮᠦᠰ ᠲᠦ᠍ ᠪᠠᠢᠷᠢ ᠪᠠᠢᠷᠢ ᠪᠠᠷ ᠣᠯᠭᠣᠵᠤ᠂ ᠵᠡᠭᠦᠨ ᠲᠠᠯ᠎ᠠ ᠶ᠋ᠢᠨ ᠬᠥᠮᠦᠰ ᠲᠦ᠍ ᠵᠦᠢ ᠵᠦᠢ ᠪᠡᠷ ᠥᠭᠴᠦ᠂ ᠢᠳᠡᠭᠡ ᠬᠦᠨᠡᠰᠦ ᠶ᠋ᠢ ᠲᠦᠭᠡᠭᠡᠪᠡᠯ ᠮᠢᠨᠦ ᠬᠣᠭᠣᠯᠠᠢ ᠤᠩᠬᠤᠢᠵᠤ᠂ ᠰᠡᠳᠬᠢᠯ ᠠᠮᠠᠷᠠᠳᠠᠭ ᠪᠢᠯᠡ᠃ ᠥᠩᠭᠥᠷ ᠪᠣᠷᠣᠬᠤᠯ ᠬᠣᠶᠠᠷ ᠮᠣᠷᠢᠯᠠᠨ ᠶᠠᠪᠤᠵᠤ ᠣᠯᠠᠨ ᠬᠥᠮᠦᠨ ᠳ᠋ᠦ᠍ ᠢᠳᠡᠭᠡ ᠵᠠᠭᠤᠰᠢ ᠶ᠋ᠢ ᠲᠦᠭᠡᠭᠡᠭᠲᠦᠨ᠃》 ᠭᠡᠵᠦ ᠵᠠᠷᠯᠢᠭ ᠪᠣᠯᠪᠠ᠃ 《ᠶᠡᠬᠡ ᠲᠥᠰᠥᠷᠬᠡᠭ ᠰᠥᠩ ᠦ᠋ᠨ ᠪᠠᠷᠠᠭᠤᠨ ᠵᠡᠭᠦᠨ ᠡᠲᠡᠭᠡᠳ ᠲᠦ᠍ ᠢᠳᠡᠭᠡ ᠪᠠᠵᠠᠭᠠᠵᠣ ᠪᠡᠯᠡᠳᠬᠡᠭᠡᠳ᠂ ᠲᠠ ᠬᠣᠶᠠᠷ᠂ ᠲᠤᠯᠤᠨ ᠲᠠᠢ ᠬᠠᠮᠲᠤ ᠲᠥᠪᠯᠡᠷᠡᠨ ᠰᠠᠭᠤᠭᠠᠳ ᠢᠳᠡᠭᠡ ᠶ᠋ᠢ ᠲᠦᠭᠡᠭᠡᠵᠦ ᠪᠠᠢ᠌ᠭᠳᠣᠨ》 ᠭᠡᠵᠦ ᠰᠠᠭᠤᠷᠢ ᠶ᠋ᠢ ᠵᠢᠭᠠᠵᠤ ᠥᠭᠪᠡ᠃
 214᠂ ᠪᠠᠰᠠ ᠴᠢᠩᠭᠢᠰ ᠬᠠᠭᠠᠨ ᠪᠣᠷᠣᠬᠤᠯ ᠳ᠋ᠤ᠌ ᠥᠭᠦᠯᠡᠷᠦᠨ᠄ 《ᠮᠢᠨᠦ ᠡᠬᠡ᠂ ᠰᠢᠭᠢᠬᠤᠲᠤᠭ᠂  ᠪᠣᠷᠣᠬᠤᠯ᠂ ᠬᠦᠴᠦ᠂ ᠬᠥᠭᠡᠴᠦ ᠲᠠ ᠳᠥᠷᠪᠡ ᠶ᠋ᠢ ᠳᠦᠷᠪᠡᠭᠰᠡᠨ ᠢᠷᠭᠡᠨ ᠦ᠌ ᠨᠡᠭᠦᠭᠰᠡᠨ ᠨᠤᠲᠤᠭ ᠠ᠋ᠴᠠ ᠬᠥᠳᠡᠭᠡ ᠡᠴᠡ ᠣᠯᠵᠤ ᠬᠥᠯ ᠳ᠋ᠡᠭᠡᠨ ᠪᠦᠪᠡᠢᠯᠡᠵᠦ ᠬᠥᠮᠦᠵᠢᠭᠦᠯᠦᠨ ᠲᠡᠵᠢᠭᠡᠵᠦ ᠬᠦᠵᠦᠭᠦᠨ ᠡᠴᠡ ᠴᠢᠨᠢ ᠲᠠᠲᠠᠵᠤ ᠬᠥᠮᠦᠨ ᠦ᠌ ᠵᠡᠷᠭᠡ ᠪᠣᠯᠭᠠᠵᠤ ᠡᠭᠡᠮ ᠡᠴᠡ ᠨᠢ ᠲᠠᠲᠠᠵᠤ ᠡᠷ᠎ᠡ ᠶ᠋ᠢᠨ ᠵᠡᠷᠭᠡ ᠳ᠋ᠦ᠍ ᠣᠷᠣᠭᠤᠯᠵᠤ ᠬᠥᠪᠡᠭᠦᠳ ᠪᠢᠳᠡᠨ ᠦ᠌ ᠨᠥᠬᠥᠷ ᠰᠡᠭᠦᠳᠡᠷ ᠪᠣᠯᠭᠠᠶ᠎ᠠ ᠭᠡᠵᠦ ᠲᠡᠵᠢᠭᠡᠵᠡᠢ᠃ ᠮᠢᠨᠦ ᠡᠬᠡ ᠶ᠋ᠢᠨ ᠲᠡᠵᠢᠭᠡᠭᠰᠡᠨ ᠠᠴᠢ ᠶ᠋ᠢ ᠲᠠ ᠨᠠᠷ ᠶᠡᠬᠡ ᠬᠠᠷᠢᠭᠤᠯᠤᠨ ᠵᠢᠳᠬᠦᠪᠡ᠃
  ᠪᠣᠷᠣᠬᠤᠯ ᠨᠠᠳᠠ ᠳ᠋ᠤ᠌ ᠨᠥᠬᠥᠷ ᠪᠣᠯᠵᠤ ᠬᠤᠷᠳᠤᠨ ᠠᠶᠠᠨ ᠳ᠋ᠤ᠌ ᠮᠣᠷᠳᠠᠵᠤ ᠬᠤᠷ᠎ᠠ ᠲᠠᠢ ᠰᠥᠨᠢ ᠲᠣᠬᠢᠶᠠᠯᠳᠤᠪᠠᠴᠤ ᠬᠣᠭᠣᠯᠠᠨ ᠤᠮᠳᠠ ᠦᠭᠡᠢ ᠪᠡᠷ ᠬᠣᠭᠣᠰᠣᠨ ᠬᠣᠨᠣᠭᠤᠯᠤᠭᠰᠠᠨ ᠤᠳᠠᠭ᠎ᠠ ᠦᠭᠡᠢ᠂ ᠶᠠᠭᠠᠷᠠᠯᠲᠠᠢ ᠲᠡᠢᠨ ᠳ᠋ᠦ᠍ ᠮᠣᠷᠳᠠᠵᠤ ᠶᠠᠮᠠᠷ ᠴᠤ᠌ ᠪᠡᠷᠬᠡᠰᠢᠶᠡᠯ ᠲᠣᠬᠢᠶᠠᠯᠳᠤᠪᠠᠴᠤ ᠱᠥᠯᠥ ᠲᠠᠰᠤᠯᠳᠠᠭᠤᠯᠵᠤ ᠥᠯ ᠠᠯᠳᠠᠭᠤᠯᠵᠤ ᠪᠠᠢᠭᠰᠠᠨ ᠦᠭᠡᠢ᠃ᠡᠪᠦᠭᠡ ᠡᠴᠢᠭᠡ ᠶ᠋ᠢ ᠮᠢᠨᠢ ᠬᠣᠣᠷᠯᠠᠭᠰᠠᠨ ᠦᠰᠲᠡᠨ ᠲᠠᠲ᠋ᠠᠷ ᠢ᠋ ᠳᠣᠷᠣᠢᠲᠠᠭᠤᠯᠵᠤ ᠥᠰᠢᠯ ᠥᠰᠢᠵᠦ ᠬᠢᠰᠠᠯ ᠬᠢᠰᠠᠵᠤ ᠲᠡᠷᠡ ᠲᠠᠲ᠋ᠠᠷ ᠢᠷᠭᠡᠨ ᠢ᠋ ᠲᠡᠷᠭᠡᠨ ᠦ᠌ ᠪᠤᠯᠤ ᠲᠠᠢ ᠴᠢᠴᠠᠤᠯᠠᠵᠤ ᠲᠡᠭᠦᠨ ᠡᠴᠡ ᠥᠨᠳᠥᠷ ᠨᠢᠷᠣᠭᠣᠳᠠᠨ ᠢ᠋ ᠲᠡᠭᠦᠵᠦ ᠬᠢᠳᠤᠬᠤ ᠴᠠᠭ ᠲᠤ᠌ ᠲᠠᠲ᠋ᠠᠷ ᠤ᠋ᠨ ᠬᠠᠷᠭᠢᠯ ᠰᠢᠷ᠎ᠠ᠂ ᠭᠠᠭᠴᠠᠭᠠᠷ ᠢ᠋ᠶ᠋ᠠᠨ ᠳᠤᠲᠠᠭᠠᠵᠤ ᠶᠠᠪᠤᠭᠠᠳ ᠥᠯᠥᠰᠦᠭᠰᠡᠨ ᠦ᠌ ᠲᠤᠯᠠ ᠠᠷᠭ᠎ᠠ ᠦᠭᠡᠢ ᠢᠷᠡᠵᠦ᠂ ᠮᠠᠨ ᠤ᠋ ᠡᠬᠡ ᠶ᠋ᠢᠨ ᠭᠡᠷ ᠲᠦ᠍ ᠣᠷᠣᠵᠤ ᠢᠷᠡᠭᠡᠳ 〈ᠢᠳᠡᠬᠦ ᠶᠠᠭᠤᠮ᠎ᠠ ᠭᠤᠶᠤᠶ᠎ᠠ〉 ᠭᠡᠰᠡᠨ ᠳ᠋ᠦ᠍᠂ 〈ᠢᠳᠡᠬᠦ ᠶᠠᠭᠤᠮ᠎ᠠ ᠭᠤᠶᠤᠪᠠᠯ ᠲᠡᠨᠳᠡ ᠰᠠᠭᠤ〉 ᠭᠡᠵᠦ ᠪᠠᠷᠠᠭᠤᠨ ᠢᠰᠡᠷᠢ ᠶ᠋ᠢᠨ (ᠣᠷᠣ) ᠡᠮᠦᠨᠡᠲᠦ ᠦᠵᠦᠭᠦᠷ ᠲᠦ᠍ ᠰᠠᠭᠤᠯᠭᠠᠪᠠ᠃ ᠲᠡᠷᠡ ᠴᠠᠭ ᠲᠤ᠌ ᠲᠠᠪᠤᠨ ᠨᠠᠰᠤᠲᠠᠢ ᠪᠠᠢᠭᠰᠠᠨ ᠬᠥᠪᠡᠭᠦᠨ ᠲᠤᠯᠤᠢ ᠭᠠᠳᠠᠨ᠎ᠠ ᠠ᠋ᠴᠠ ᠣᠷᠣᠵᠤ ᠢᠷᠡᠭᠡᠳ ᠭᠡᠳᠡᠷᠭᠦ ᠭᠦᠶᠦᠵᠦ ᠭᠠᠷᠤᠮᠠᠭᠴᠠ᠂ ᠬᠠᠷᠭᠢᠯ ᠰᠢᠷ᠎ᠠ ᠪᠣᠰᠤᠨ ᠬᠠᠷᠠᠢᠵᠤ᠂ ᠲᠤᠯᠤᠢ ᠶ᠋ᠢ ᠰᠤᠭᠤᠨ ᠳ᠋ᠠᠭᠠᠨ ᠬᠠᠪᠴᠢᠭᠤᠯᠵᠤ ᠭᠦᠶᠦᠬᠦ ᠶ᠋ᠢᠨ ᠬᠠᠮᠲᠤ ᠬᠢᠲᠤᠭ᠎ᠠ ᠪᠠᠨ ᠲᠡᠮᠲᠡᠷᠢᠵᠦ ᠰᠤᠭᠤᠯᠤᠨ ᠠᠪᠬᠤ ᠶ᠋ᠢ ᠵᠠᠪᠳᠤᠬᠤ ᠳ᠋ᠤ᠌ ᠡᠬᠡ ᠶ᠋ᠢᠨ ᠭᠡᠷ ᠲᠦ᠍ ᠵᠡᠭᠦᠨ ᠲᠠᠯ᠎ᠠ ᠳ᠋ᠤ᠌ ᠰᠠᠭᠤᠵᠤ ᠪᠠᠢᠭᠰᠠᠨ ᠠᠯᠲᠠᠨᠢ 〈ᠬᠦᠦ ᠶ᠋ᠢ ᠮᠢᠨᠢ ᠠᠯᠠᠯ᠎ᠠ〉 ᠭᠡᠵᠦ ᠡᠬᠡ ᠶ᠋ᠢᠨ ᠣᠷᠢᠯᠠᠨ ᠪᠠᠷᠬᠢᠷᠠᠬᠤ ᠶ᠋ᠢ ᠰᠣᠨᠣᠰᠴᠤ ᠭᠦᠶᠦᠨ ᠭᠠᠷᠴᠤ᠂ ᠬᠠᠷᠭᠢᠯ ᠰᠢᠷ᠎ᠠ ᠶ᠋ᠢᠨ ᠬᠣᠢᠨ᠎ᠠ ᠠ᠋ᠴᠠ ᠭᠦᠢᠴᠡᠵᠦ ᠨᠢᠭᠡ ᠭᠠᠷ ᠢ᠋ᠶ᠋ᠠᠷ ᠢ᠋ᠶ᠋ᠠᠨ ᠦᠰᠦᠨ ᠡᠴᠡ ᠨᠢ ᠵᠠᠭᠤᠷᠠᠨ ᠪᠠᠷᠢᠵᠤ᠂ ᠨᠥᠭᠥᠭᠡ ᠭᠠᠷ ᠢ᠋ᠶ᠋ᠠᠷ ᠢ᠋ᠶ᠋ᠠᠨ ᠬᠢᠲᠤᠭ᠎ᠠ ᠶ᠋ᠢ ᠰᠤᠭᠤᠯᠵᠤ ᠪᠠᠢᠭᠰᠠᠨ ᠭᠠᠷ ᠢ᠋ ᠨᠢ ᠪᠠᠷᠢᠵᠤ ᠤᠭᠵᠠᠷᠠᠭᠠᠳ ᠬᠢᠲᠤᠭ᠎ᠠ ᠶ᠋ᠢ ᠠᠯᠳᠠᠭᠤᠯᠪᠠ᠃ ᠲᠡᠷᠡ ᠦᠶ᠎ᠡ ᠳ᠋ᠦ᠍ ᠭᠡᠷ ᠦ᠋ᠨ ᠠᠷᠤ ᠳ᠋ᠤ᠌ ᠮᠣᠭᠠᠯᠵᠠᠷ ᠬᠠᠷ᠎ᠠ ᠦᠬᠡᠷ ᠢ᠋ ᠳᠠᠯᠠᠨ ᠠᠯᠠᠵᠤ ᠪᠠᠢᠭᠰᠠᠨ ᠵᠠᠳᠠᠢ ᠵᠡᠯᠮ᠎ᠡ ᠬᠣᠶᠠᠷ᠂ ᠠᠯᠳᠠᠨᠢ ᠶ᠋ᠢᠨ ᠳᠠᠭᠤ ᠶ᠋ᠢ ᠰᠣᠨᠣᠰᠤᠭᠠᠳ ᠰᠦᠬᠡ ᠪᠡᠨ ᠪᠠᠷᠢᠭᠰᠠᠭᠠᠷ᠂ ᠤᠯᠠᠭᠠᠨ ᠴᠢᠰᠤ ᠲᠠᠢ ᠬᠡᠪ ᠢ᠋ᠶ᠋ᠡᠷ ᠭᠦᠶᠦᠨ ᠢᠷᠡᠵᠦ᠂ ᠲᠠᠲ᠋ᠠᠷ ᠤ᠋ᠨ ᠬᠠᠷᠭᠢᠯ ᠰᠢᠷ᠎ᠠ ᠶ᠋ᠢ ᠮᠥᠨ ᠲᠡᠨᠳᠡ ᠨᠢ ᠰᠦᠬᠡ ᠪᠡᠷ ᠴᠣᠬᠢᠵᠤ᠂ ᠬᠢᠲᠤᠭ᠎ᠠ ᠪᠠᠷ ᠪᠦᠯᠢᠵᠦ ᠠᠯᠠᠪᠠ᠃ ᠠᠯᠳᠠᠨᠢ᠂ ᠵᠠᠳᠠᠢ᠂ ᠵᠠᠯᠮ᠎ᠠ ᠭᠤᠷᠪᠠ᠂ ᠬᠥᠪᠡᠭᠦᠨ ᠦ᠌ ᠠᠮᠢ ᠠᠪᠤᠷᠠᠭᠰᠠᠨ ᠭᠠᠪᠢᠶ᠎ᠠ ᠶ᠋ᠢ ᠪᠤᠯᠢᠶᠠᠯᠳᠤᠬᠤ ᠳ᠋ᠤ᠌ ᠵᠠᠳᠠᠢ ᠵᠠᠯᠮ᠎ᠠ ᠬᠣᠶᠠᠷ ᠥᠭᠦᠯᠡᠷᠦᠨ᠄ 〈ᠪᠢᠳᠡ ᠳᠠᠷᠤᠢ ᠭᠦᠶᠦᠨ ᠢᠷᠡᠵᠦ ᠲᠡᠭᠦᠨ ᠢ᠋ ᠡᠰᠡ ᠠᠯᠠᠭᠰᠠᠨ ᠪᠣᠯ ᠭᠠᠭᠴᠠ ᠡᠬᠡᠨᠡᠷ ᠠᠯᠳᠠᠨᠢ ᠶᠠᠭᠤ ᠬᠢᠵᠦ ᠴᠢᠳᠠᠬᠤ ᠪᠣᠢ? ᠬᠥᠪᠡᠭᠦᠨ ᠦ᠌ ᠠᠮᠢ ᠶ᠋ᠢ ᠬᠣᠣᠷᠯᠠᠭᠰᠠᠨ ᠪᠠᠢᠬᠤ ᠪᠢᠯᠡ᠃ ᠬᠥᠪᠡᠭᠦᠨ ᠦ᠌ ᠠᠮᠢ ᠶ᠋ᠢ ᠠᠪᠤᠷᠠᠭᠰᠠᠨ ᠭᠠᠪᠢᠶ᠎ᠠ ᠪᠢᠳᠡᠨ ᠦ᠌ ᠬᠢ ᠪᠣᠯᠤᠨ᠎ᠠ〉 ᠭᠡᠪᠡᠯ ᠠᠯᠳᠠᠨᠢ ᠥᠭᠦᠯᠡᠷᠦᠨ᠄ 〈ᠮᠢᠨᠦ ᠳᠠᠭᠤ ᠶ᠋ᠢ ᠰᠣᠨᠣᠰᠤᠭᠰᠠᠨ ᠦᠭᠡᠢ ᠪᠣᠯ ᠲᠠ ᠨᠠᠷ ᠶᠠᠭᠠᠬᠢᠵᠤ ᠢᠷᠡᠬᠦ ᠪᠢᠯᠡ? ᠪᠢ ᠭᠦᠶᠦᠨ ᠭᠦᠢᠴᠡᠵᠦ ᠢᠷᠡᠵᠦ ᠲᠡᠭᠦᠨ ᠦ᠌ ᠰᠡᠪᠡᠯᠭᠡ ᠦᠰᠦᠨ ᠡᠴᠡ ᠪᠠᠷᠢᠵᠤ ᠬᠢᠲᠤᠭ᠎ᠠ ᠶ᠋ᠢ ᠰᠤᠭᠤᠯᠤᠭᠰᠠᠨ ᠭᠠᠷ ᠢ᠋ ᠲᠠᠲᠠᠵᠤ ᠬᠢᠲᠤᠭ᠎ᠠ ᠶ᠋ᠢ ᠠᠯᠳᠠᠭᠤᠯᠤᠭᠰᠠᠨ ᠦᠭᠡᠢ ᠪᠣᠯ ᠵᠠᠳᠠᠢ ᠵᠠᠯᠮ᠎ᠠ ᠬᠣᠶᠠᠷ ᠢ᠋ ᠬᠦᠷᠴᠦ ᠢᠷᠡᠲᠡᠯ᠎ᠡ᠂ ᠬᠥᠪᠡᠭᠦᠨ ᠦ᠌ ᠠᠮᠢ ᠶ᠋ᠢ ᠬᠣᠣᠷᠯᠠᠵᠤ ᠠᠮᠵᠢᠭᠰᠠᠨ ᠪᠠᠢᠬᠤ ᠪᠢᠰᠢᠦ?〉 ᠭᠡᠪᠡ᠃ ᠲᠡᠭᠡᠵᠦ ᠬᠡᠯᠡᠪᠡᠯ᠂ ᠭᠣᠣᠯ ᠭᠠᠪᠢᠶ᠎ᠠ ᠨᠢ ᠠᠯᠳᠠᠨᠢ ᠶ᠋ᠢᠨ ᠬᠢ ᠪᠣᠯᠪᠠ᠃ ᠪᠣᠷᠣᠬᠤᠯ ᠤ᠋ᠨ ᠭᠡᠷᠭᠡᠢ᠂ ᠡᠷ᠎ᠡ ᠪᠣᠷᠣᠬᠤᠯ ᠳ᠋ᠠᠭᠠᠨ ᠥᠷᠥᠭᠡᠰᠦᠨ ᠠᠷᠠᠯ ᠪᠣᠯᠤᠨ ᠲᠤᠰᠠᠯᠠᠵᠤ ᠶᠠᠪᠤᠭᠰᠠᠨ ᠤ᠋ ᠳᠡᠭᠡᠷ᠎ᠡ᠂ ᠲᠤᠯᠤᠢ ᠶ᠋ᠢᠨ ᠠᠮᠢ ᠶ᠋ᠢ ᠠᠪᠤᠷᠠᠵᠤ ᠲᠤᠰᠠ ᠬᠦᠷᠭᠡᠪᠡ᠃ ᠪᠠᠰᠠ ᠬᠡᠷᠡᠢᠳ ᠲᠡᠢ᠂ ᠬᠠᠷ᠎ᠠ ᠬᠠᠯᠵᠣᠨ ᠡᠯᠠᠳ ᠲᠤ᠌ ᠬᠠᠳᠬᠤᠯᠳᠤᠨ ᠪᠠᠢᠯᠳᠤᠬᠤ ᠴᠠᠭ ᠲᠤ᠌ ᠥᠭᠡᠳᠡᠢ ᠶ᠋ᠢᠨ ᠭᠦᠷᠡᠭᠡᠨ ᠦ᠌ ᠰᠤᠳᠠᠯ᠂ ᠰᠤᠮᠤᠨ ᠳ᠋ᠤ᠌ ᠰᠢᠷᠬᠠᠲᠤᠵᠤ ᠤᠨᠠᠭᠰᠠᠨ ᠳ᠋ᠤ᠌ ᠪᠣᠷᠣᠬᠤᠯ᠂ ᠳᠡᠭᠡᠷ᠎ᠡ ᠨᠢ ᠪᠠᠭᠤᠵᠤ ᠲᠡᠭᠦᠨ ᠦ᠌ ᠠᠰᠬᠠᠷᠠᠭᠰᠠᠨ ᠴᠢᠰᠤ ᠶ᠋ᠢ ᠠᠮᠠ ᠪᠠᠷ ᠢ᠋ᠶ᠋ᠠᠨ ᠰᠢᠮᠡᠵᠦ ᠬᠣᠨᠣᠭᠠᠳ ᠮᠠᠷᠭᠠᠰᠢ ᠨᠢ ᠥᠭᠡᠳᠡᠢ ᠮᠣᠷᠢ ᠤᠨᠤᠵᠤ ᠴᠢᠳᠠᠬᠤ ᠦᠭᠡᠢ ᠲᠤᠯᠠ ᠤᠷᠢᠳᠤ ᠪᠠᠨ ᠰᠤᠨᠳᠠᠯᠠᠨ ᠲᠡᠪᠡᠷᠢᠵᠦ᠂ ᠪᠦᠷᠢᠯᠳᠦᠭᠰᠡᠨ ᠴᠢᠰᠤ ᠶ᠋ᠢ ᠨᠢ ᠪᠦᠯᠢᠶᠡᠨ ᠤᠷᠤᠭᠤᠯ ᠢ᠋ᠶ᠋ᠠᠷ ᠢ᠋ᠶ᠋ᠠᠨ ᠰᠢᠮᠡᠵᠦ᠂ ᠠᠮᠠ ᠵᠠᠪᠠᠵᠢ ᠪᠠᠨ ᠤᠯᠠᠢᠯᠭᠠᠵᠤ᠂ ᠠᠴᠢᠲᠤ ᠬᠥᠪᠡᠭᠦᠨ ᠥᠭᠡᠳᠡᠢ ᠶ᠋ᠢ ᠠᠮᠢᠳᠤ ᠮᠡᠨᠳᠦ ᠠᠪᠴᠢᠷᠠᠭᠰᠠᠨ ᠪᠢᠯᠡ᠃ ᠡᠬᠡ ᠶ᠋ᠢᠨ ᠮᠢᠨᠢ᠂ ᠵᠣᠪᠠᠵᠤ ᠲᠡᠵᠢᠭᠡᠭᠰᠡᠨ ᠠᠴᠢ ᠶ᠋ᠢ᠂ ᠬᠣᠶᠠᠷ ᠬᠥᠪᠡᠭᠦᠨ ᠦ᠌ ᠠᠮᠢ ᠶ᠋ᠢ ᠠᠪᠤᠷᠠᠵᠤ ᠬᠠᠷᠢᠭᠤᠯᠪᠠ᠃ ᠪᠣᠷᠣᠬᠤᠯ ᠨᠠᠳᠠ ᠲᠠᠢ ᠨᠥᠬᠥᠷᠯᠡᠵᠦ᠂ ᠤᠷᠢᠶᠠᠯᠠᠬᠤ ᠳᠠᠭᠤᠨ ᠳ᠋ᠤ᠌ ᠮᠢᠨᠢ ᠤᠤᠬᠠᠢ ᠪᠠᠨ ᠨᠡᠮᠡᠵᠦ᠂ ᠤᠷᠤᠭᠰᠢᠯᠠᠨ ᠵᠢᠳᠬᠦᠵᠦ ᠶᠠᠪᠤᠪᠠ᠃ ᠪᠣᠷᠣᠬᠤᠯ ᠢ᠋ ᠶᠢᠰᠦᠨ ᠤᠳᠠᠭ᠎ᠠ ᠣᠰᠣᠯ ᠭᠠᠷᠭᠠᠪᠠᠴᠤ᠂ ᠶᠠᠯᠠᠯᠠᠬᠤ ᠦᠭᠡᠢ ᠪᠣᠯᠭᠠᠶ᠎ᠠ》 ᠭᠡᠵᠦ ᠵᠠᠷᠯᠢᠭ ᠪᠣᠯᠪᠠ᠃
 215᠂ ᠪᠠᠰᠠ 《ᠥᠬᠢᠨ ᠤᠷᠤᠭ ᠲᠤ᠌ ᠪᠠᠨ ᠰᠣᠶᠣᠷᠬᠠᠯ ᠦᠭᠶ᠎ᠡ》 ᠭᠡᠪᠡ᠃
 216᠂ ᠪᠠᠰᠠ ᠴᠢᠩᠭᠢᠰ ᠬᠠᠭᠠᠨ ᠤᠰᠤᠨ ᠡᠪᠦᠭᠡᠨ ᠳ᠋ᠦ᠍ ᠥᠭᠦᠯᠡᠷᠦᠨ᠄ 《ᠤᠰᠤᠨ᠂ ᠬᠤᠨᠠᠨ᠂ ᠬᠦᠬᠡᠴᠦᠰ᠂ ᠳᠡᠭᠡᠢ ᠡᠨᠡ ᠳᠥᠷᠪᠡᠭᠦᠯᠡ ᠪᠡᠨ᠂ ᠦᠵᠡᠭᠰᠡᠨ ᠰᠣᠨᠣᠰᠤᠭᠰᠠᠨ ᠢ᠋ᠶ᠋ᠠᠨ ᠦᠯᠡᠳᠡᠭᠡᠵᠦ ᠨᠢᠭᠤᠯ ᠦᠭᠡᠢ᠂ ᠦᠷᠭᠦᠯᠵᠢ ᠬᠡᠯᠡᠳᠡᠭ ᠪᠢᠯᠡ᠃ ᠮᠣᠩᠭ᠋ᠣᠯ ᠤ᠋ᠨ ᠲᠥᠷᠥ ᠶᠣᠰᠣᠨ ᠳ᠋ᠤ᠌ ᠪᠡᠬᠢ ᠨᠣᠶᠠᠳ ᠢ᠋ ᠡᠷᠭᠦᠮᠵᠢᠯᠡᠬᠦ ᠵᠠᠩᠰᠢᠯ ᠪᠣᠢ᠃ ᠠᠬᠠᠮᠠᠳ ᠦᠶ᠎ᠡ ᠶ᠋ᠢᠨ ᠬᠥᠮᠦᠨ ᠢ᠋ᠶ᠋ᠡᠨ ᠪᠡᠬᠢ ᠪᠣᠯᠭᠠᠳᠠᠭ ᠵᠠᠩᠰᠢᠯ ᠲᠠᠢ ᠲᠤᠯᠠ ᠪᠠᠭᠠᠷᠢᠨ ᠠᠬ᠎ᠠ ᠶ᠋ᠢᠨ ᠤᠷᠤᠭ᠂ ᠤᠰᠤᠨ ᠡᠪᠦᠭᠡᠨ ᠢ᠋ ᠪᠡᠬᠢ ᠪᠣᠯᠭᠠᠶ᠎ᠠ᠃ ᠪᠡᠬᠢ ᠡᠷᠭᠦᠮᠵᠢᠯᠡᠭᠳᠡᠭᠡᠳ ᠴᠠᠭᠠᠨ ᠳᠡᠪᠡᠯ ᠡᠮᠦᠰᠴᠦ᠂ ᠴᠠᠭᠠᠨ ᠮᠣᠷᠢ ᠤᠨᠤᠵᠤ᠂ ᠳᠡᠭᠡᠳᠦ ᠰᠠᠭᠤᠷᠢᠨ ᠳ᠋ᠤ᠌ ᠰᠠᠭᠤᠵᠤ᠂ ᠣᠨ ᠰᠠᠷ᠎ᠠ ᠶ᠋ᠢ ᠣᠯᠵᠤ ᠰᠣᠩᠭ᠋ᠣᠵᠣ ᠪᠠᠢᠲᠤᠭᠠᠢ》 ᠭᠡᠵᠦ ᠵᠠᠷᠯᠢᠭ ᠪᠣᠯᠪᠠ᠃ᠵᠠᠵᠢᠷᠠᠳᠠᠢ ᠬᠡᠷᠡᠭᠯᠡᠬᠦ ᠨ
 217᠂ ᠪᠠᠰᠠ ᠴᠢᠩᠭᠢᠰ ᠬᠠᠭᠠᠨ ᠥᠭᠦᠯᠡᠷᠦᠨ᠄ 《ᠬᠤᠢᠯᠳᠠᠷ ᠠᠨᠳᠠ ᠠᠯᠠᠯᠳᠤᠨ ᠪᠠᠢᠯᠳᠤᠬᠤ ᠴᠠᠭ ᠲᠤ᠌ ᠤᠷᠢᠲᠠᠵᠤ ᠠᠮᠠ ᠨᠡᠭᠡᠭᠡᠵᠦ ᠪᠠᠢᠯᠳᠤᠭᠰᠠᠨ ᠭᠠᠪᠢᠶ᠎ᠠ ᠪᠣᠢ ᠲᠤᠯᠠ ᠲᠡᠭᠦᠨ ᠦ᠌ ᠬᠥᠪᠡᠭᠦᠳ ᠠᠴᠢ ᠨᠠᠷ ᠲᠤ᠌᠂ ᠥᠨᠥᠴᠢᠳ ᠲᠦ᠍ ᠣᠯᠭᠣᠬᠤ ᠥᠷᠥᠰᠢᠶᠡᠯ ᠲᠤᠰᠠᠯᠠᠮᠵᠢ ᠶ᠋ᠢ ᠬᠦᠷᠲᠡᠭᠡᠰᠦᠭᠡᠢ》 ᠭᠡᠪᠡ᠃
 218᠂ ᠪᠠᠰᠠ ᠴᠢᠩᠭᠢᠰ ᠬᠠᠭᠠᠨ᠂ ᠴᠠᠭᠠᠨ ᠭᠤᠸ᠎ᠠ ᠶ᠋ᠢᠨ ᠬᠥᠪᠡᠭᠦᠨ ᠨᠠᠷᠢᠨ ᠲᠣᠭᠣᠷᠢᠯ ᠳ᠋ᠤ᠌ ᠥᠭᠦᠯᠡᠷᠦᠨ᠄ 《ᠴᠢᠨᠦ ᠡᠴᠢᠭᠡ ᠴᠠᠭᠠᠨ ᠭᠤᠸ᠎ᠠ ᠴᠢᠩ ᠵᠣᠷᠢᠭ ᠢ᠋ ᠪᠠᠷᠢᠵᠤ ᠪᠠᠢᠯᠳᠤᠭᠰᠠᠭᠠᠷ ᠳᠠᠯᠠᠨ ᠪᠠᠯᠵᠣᠳ ᠤ᠋ᠨ ᠪᠠᠢᠯᠳᠤᠭᠠᠨ ᠳ᠋ᠤ᠌ ᠵᠠᠮᠤᠬ᠎ᠠ ᠳ᠋ᠤ᠌ ᠠᠯᠠᠭᠳᠠᠵᠠᠢ᠃ ᠣᠳᠣ ᠡᠴᠢᠭᠡ ᠶ᠋ᠢᠨ ᠭᠠᠪᠢᠶ᠎ᠠ ᠶ᠋ᠢ ᠬᠦᠷᠲᠡᠵᠦ᠂ ᠥᠨᠥᠴᠢᠳ ᠦ᠋ᠨ ᠲᠤᠰᠠᠯᠠᠮᠵᠢ ᠠ᠋ᠴᠠ ᠠᠪᠴᠤ ᠪᠠᠢ》 ᠭᠡᠰᠡᠨ ᠳ᠋ᠦ᠍᠂ ᠲᠣᠭᠣᠷᠢᠯ ᠥᠭᠦᠯᠡᠷᠦᠨ᠄ 《ᠮᠢᠨᠦ ᠲᠥᠷᠥᠯ ᠦ᠋ᠨ ᠨᠡᠭᠦᠰ ᠨᠠᠷ ᠣᠯᠠᠨ ᠠᠢᠮᠠᠭ ᠲᠤ᠌ ᠬᠤᠪᠢᠶᠠᠭᠳᠠᠨ ᠲᠠᠷᠬᠠᠭᠰᠠᠨ ᠪᠠᠢᠨ᠎ᠠ᠃ ᠬᠠᠭᠠᠨ ᠰᠣᠶᠣᠷᠬᠠᠪᠠᠯ᠂ ᠠᠬ᠎ᠠ ᠳᠡᠭᠦᠦ ᠨᠡᠭᠦᠰ ᠨᠠᠷ ᠢ᠋ᠶ᠋ᠠᠨ ᠴᠤᠭᠯᠠᠭᠤᠯᠤᠶ᠎ᠠ》 ᠭᠡᠪᠡᠯ ᠴᠢᠩᠭᠢᠰ ᠬᠠᠭᠠᠨ ᠵᠠᠷᠯᠢᠭ ᠪᠣᠯᠤᠷᠤᠨ᠄ 《ᠲᠡᠢᠮᠦ ᠪᠣᠯ ᠠᠬ᠎ᠠ ᠳᠡᠭᠦᠦ ᠨᠡᠭᠦᠰ ᠨᠠᠷ ᠢ᠋ᠶ᠋ᠠᠨ ᠴᠤᠭᠯᠠᠭᠤᠯᠵᠤ᠂ ᠴᠢ ᠤᠷᠤᠭ ᠤ᠋ᠨ ᠤᠷᠤᠭ ᠲᠤ᠌ ᠬᠦᠷᠲᠡᠯ᠎ᠡ ᠵᠠᠬᠢᠷᠴᠤ ᠪᠠᠢ》 ᠭᠡᠵᠦ ᠵᠠᠷᠯᠢᠭ ᠪᠣᠯᠪᠠ᠃
219᠂ ᠪᠠᠰᠠ ᠴᠢᠩᠭᠢᠰ ᠬᠠᠭᠠᠨ ᠰᠣᠷᠬᠠᠨ ᠰᠢᠷ᠎ᠠ ᠳ᠋ᠤ᠌ ᠥᠭᠦᠯᠡᠷᠦᠨ᠄ 《 ᠨᠠᠮ᠎ᠠ ᠶ᠋ᠢ ᠥᠴᠦᠬᠡᠨ ᠴᠠᠭ ᠲᠤ᠌᠂ ᠲᠠᠢᠴᠢᠭᠤᠳ ᠤ᠋ᠨ ᠲᠠᠷᠭᠤᠲᠠᠢ ᠬᠢᠷᠠᠯᠠᠳᠠᠭ᠂ ᠠᠬ᠎ᠠ ᠳᠡᠭᠦᠦ ᠨᠠᠷ ᠲᠠᠢ ᠪᠠᠨ ᠨᠡᠢᠯᠡᠵᠦ ᠠᠲᠠᠭᠠᠷᠬᠠᠨ ᠪᠠᠷᠢᠬᠤ ᠴᠠᠭ ᠲᠤ᠌ ᠰᠣᠷᠬᠠᠨ ᠰᠢᠷ᠎ᠠ ᠶ᠋ᠢᠨ ᠬᠥᠪᠡᠭᠦᠨ ᠴᠢᠯᠠᠭᠤᠨ᠂ ᠴᠢᠮᠪᠠᠢ ᠨᠠᠷ᠂ ᠨᠠᠮ᠎ᠠ ᠶ᠋ᠢ ᠠᠬ᠎ᠠ ᠳᠡᠭᠦᠦ ᠨᠠᠷ ᠲᠠᠭᠠᠨ ᠠᠲᠠᠭᠠᠷᠬᠠᠭᠳᠠᠭᠰᠠᠨ ᠠᠵᠢ ᠭᠡᠵᠦ ᠨᠢᠭᠤᠵᠤ᠂ ᠥᠬᠢᠨ ᠬᠠᠲᠠᠭᠠᠨ ᠢ᠋ᠶ᠋ᠠᠷ ᠠᠰᠠᠷᠠᠭᠤᠯᠵᠤ ᠪᠠᠢᠭᠠᠳ ᠲᠠᠯᠪᠢᠵᠤ ᠢᠯᠡᠭᠡᠭᠰᠡᠨ ᠪᠢᠰᠢᠦ᠃ ᠴᠢᠨᠦ ᠲᠡᠷᠡ ᠠᠴᠢ ᠶ᠋ᠢ ᠪᠢ ᠬᠠᠷᠠᠩᠬᠤᠢ ᠰᠥᠨᠢ ᠵᠡᠭᠦᠳᠦᠨ ᠳ᠋ᠡᠭᠡᠨ ᠪᠣᠳᠣᠵᠤ᠂ ᠭᠡᠭᠡᠨ ᠡᠳᠦᠷ ᠴᠡᠭᠡᠵᠢᠨ ᠳ᠋ᠡᠭᠡᠨ ᠰᠠᠨᠠᠭᠰᠠᠭᠠᠷ ᠶᠠᠪᠤᠭᠰᠠᠨ ᠪᠢᠯᠡ᠃ ᠳᠠᠷᠠᠭ᠎ᠠ ᠨᠢ ᠲᠠᠢᠴᠢᠭᠤᠳ ᠠ᠋ᠴᠠ ᠨᠠᠳᠠ ᠳ᠋ᠤ᠌ ᠪᠠᠬᠠᠨ ᠤᠳᠠᠵᠤ ᠢᠷᠡᠪᠡ᠃ ᠣᠳᠣ ᠲᠠᠨ ᠳ᠋ᠤ᠌ ᠰᠣᠶᠣᠷᠬᠠᠯ ᠢ᠋ ᠦᠭᠶ᠎ᠡ᠃ ᠶᠠᠮᠠᠷ ᠰᠣᠶᠣᠷᠬᠠᠯ ᠢ᠋ ᠬᠦᠰᠡᠵᠦ ᠪᠠᠢᠨ᠎ᠠ?》 ᠭᠡᠪᠡᠯ᠂ ᠰᠣᠷᠬᠠᠨ ᠰᠢᠷ᠎ᠠ ᠪᠠ ᠲᠡᠭᠦᠨ ᠦ᠌ ᠬᠥᠪᠡᠭᠦᠨ ᠴᠢᠯᠠᠭᠤᠨ᠂ ᠴᠢᠮᠪᠠᠢ ᠨᠠᠷ ᠥᠭᠦᠯᠡᠷᠦᠨ᠄ 《ᠪᠢᠳᠡ ᠮᠡᠷᠭᠢᠳ ᠦ᠋ᠨ ᠨᠤᠲᠤᠭ ᠰᠡᠯᠡᠩᠭᠡ ᠳ᠋ᠦ᠍ ᠳᠠᠷᠬᠠᠨ ᠳᠤᠷ᠎ᠠ ᠪᠠᠷ ᠨᠤᠲᠤᠭᠯᠠᠬᠤ ᠶ᠋ᠢ ᠬᠦᠰᠡᠨ᠎ᠡ᠃ ᠪᠠᠰᠠ ᠶᠠᠮᠠᠷ ᠰᠣᠶᠣᠷᠬᠠᠯ ᠬᠡᠰᠢᠭ ᠬᠠᠢᠷᠠᠯᠠᠬᠤ ᠶ᠋ᠢ ᠴᠢᠩᠭᠢᠰ ᠬᠠᠭᠠᠨ ᠮᠡᠳᠡᠲᠦᠭᠡᠢ!》 ᠭᠡᠪᠡ᠃ ᠲᠡᠭᠡᠬᠦ ᠳ᠋ᠦ᠍ ᠴᠢᠩᠭᠢᠰ ᠬᠠᠭᠠᠨ ᠥᠭᠦᠯᠡᠷᠦᠨ᠄ 《ᠨᠤᠲᠤᠭ ᠳᠠᠷᠬᠠᠯᠠᠵᠤ᠂ ᠮᠡᠷᠭᠢᠳ ᠦ᠋ᠨ ᠭᠠᠵᠠᠷ ᠰᠡᠯᠡᠩᠭᠡ ᠪᠡᠷ ᠤᠷᠤᠭ ᠤ᠋ᠨ ᠤᠷᠤᠭ ᠲᠤ᠌ ᠬᠦᠷᠲᠡᠯ᠎ᠡ ᠨᠤᠲᠤᠭ ᠣᠷᠣᠨ ᠢ᠋ᠶ᠋ᠠᠨ ᠡᠵᠡᠮᠰᠢᠵᠦ᠂ ᠨᠤᠮᠤ ᠰᠤᠮᠤ ᠪᠠᠨ ᠠᠭᠰᠠᠵᠤ᠂ ᠬᠤᠷᠢᠮ ᠨᠠᠢᠷ ᠢ᠋ ᠬᠢᠵᠦ᠂ ᠬᠤᠨᠳᠠᠭ᠎ᠠ ᠰᠥᠩ ᠢ᠋ᠶ᠋ᠡᠨ ᠲᠦᠰᠢᠯᠴᠡᠵᠦ ᠶᠠᠪᠤᠲᠤᠭᠠᠢ᠂ ᠶᠢᠰᠦᠨ ᠤᠳᠠᠭ᠎ᠠ ᠣᠰᠤᠯᠳᠤᠬᠤ ᠳ᠋ᠤ᠌ ᠵᠢᠮᠡᠯᠡᠬᠦ ᠦᠭᠡᠢ ᠪᠣᠯᠭᠠᠶ᠎ᠠ》 ᠭᠡᠵᠦ ᠵᠠᠷᠯᠢᠭ ᠪᠣᠯᠪᠠ᠃ ᠪᠠᠰᠠ ᠴᠢᠩᠭᠢᠰ ᠬᠠᠭᠠᠨ᠂ ᠴᠢᠯᠠᠭᠤᠨ᠂ ᠴᠢᠮᠪᠠᠢ ᠬᠣᠶᠠᠷ ᠲᠤ᠌ ᠰᠣᠶᠣᠷᠬᠠᠵᠤ ᠬᠡᠯᠡᠭᠰᠡᠨ ᠨᠢ᠄ 《ᠤᠷᠢᠳᠤ ᠴᠢᠯᠠᠭᠤᠨ᠂ ᠴᠢᠮᠪᠠᠢ ᠲᠠ ᠬᠣᠶᠠᠷ ᠤ᠋ᠨ ᠬᠡᠯᠡᠵᠦ ᠪᠠᠢᠭᠰᠠᠨ ᠢ᠋ ᠶᠠᠭᠠᠬᠢᠵᠤ ᠮᠠᠷᠲᠠᠬᠤ ᠪᠣᠢ? ᠴᠢᠯᠠᠭᠤᠨ᠂ ᠴᠢᠮᠪᠠᠢ ᠲᠠ ᠬᠣᠶᠠᠷ ᠰᠠᠨᠠᠭᠰᠠᠨ ᠢ᠋ᠶ᠋ᠠᠨ ᠬᠡᠯᠡᠶ᠎ᠡ ᠭᠡᠪᠡᠯ᠂ ᠳᠤᠲᠠᠭᠤ ᠪᠠᠨ ᠭᠤᠶᠤᠶ᠎ᠠ ᠭᠡᠪᠡᠯ ᠳᠠᠮ ᠬᠥᠮᠦᠨ ᠢ᠋ᠶ᠋ᠡᠷ ᠪᠤᠤ ᠬᠡᠯᠡᠭᠦᠯᠵᠦ ᠪᠠᠢ᠃ ᠥᠪᠡᠷ ᠦ᠋ᠨ ᠪᠡᠶ᠎ᠡ ᠪᠡᠷ ᠠᠭᠤᠯᠵᠠᠵᠤ᠂ ᠥᠪᠡᠷ ᠦ᠋ᠨ ᠠᠮᠠ ᠪᠠᠷ ᠰᠠᠨᠠᠭᠰᠠᠨ ᠢ᠋ᠶ᠋ᠠᠨ ᠬᠡᠯᠡᠵᠦ᠂ ᠳᠤᠲᠠᠭᠰᠠᠨ ᠢ᠋ᠶ᠋ᠠᠨ ᠭᠤᠶᠤᠵᠤ ᠪᠠᠢ》 ᠭᠡᠵᠦ ᠵᠠᠷᠯᠢᠭ ᠪᠣᠯᠪᠠ᠃ ᠪᠠᠰᠠ 《ᠰᠣᠷᠬᠠᠨ ᠰᠢᠷ᠎ᠠ᠂ ᠪᠠᠳᠠᠢ᠂ ᠬᠢᠰᠢᠯᠢᠭ ᠲᠠ ᠭᠤᠷᠪᠠᠨ ᠳᠠᠷᠬᠠᠨ᠂ᠣᠯᠠᠨ ᠳᠠᠢᠰᠤᠨ ᠢ᠋ ᠳᠣᠪᠲᠣᠯᠵᠤ ᠣᠯᠵᠠ ᠶᠠᠭᠤᠮ᠎ᠠ ᠣᠯᠪᠠᠯ ᠣᠯᠤᠭᠰᠠᠨ ᠢ᠋ᠶ᠋ᠠᠨ ᠪᠦᠷᠢᠨ ᠠᠪᠣᠳᠣᠭᠠᠢ ᠠᠶᠠᠨ ᠠᠪᠠ ᠬᠢᠵᠦ ᠠᠩ ᠭᠥᠷᠥᠭᠡᠰᠦ ᠠᠯᠠᠪᠠᠯ ᠠᠯᠠᠭᠰᠠᠨ ᠢ᠋ᠶ᠋ᠠᠨ ᠪᠦᠷᠢᠨ ᠠᠪᠣᠳᠣᠭᠠᠢ!》ᠭᠡᠵᠦ ᠵᠠᠷᠯᠢᠭ ᠪᠣᠯᠪᠠ᠃ 《ᠰᠣᠷᠬᠠᠨ ᠰᠢᠷ᠎ᠠ ᠪᠣᠯ ᠲᠠᠢᠴᠢᠭᠤᠳ ᠤ᠋ᠨ ᠲᠥᠳᠡᠭᠡ ᠶ᠋ᠢᠨ ᠭᠡᠷ ᠦ᠋ᠨ ᠬᠥᠮᠦᠨ᠃ ᠪᠠᠳᠠᠢ ᠬᠢᠰᠢᠯᠢᠭ ᠬᠣᠶᠠᠷ ᠪᠣᠯ ᠴᠡᠷᠡᠨ ᠦ᠌ ᠠᠳᠤᠭᠤᠴᠢᠨ ᠬᠥᠮᠦᠨ ᠪᠢᠯᠡ᠃ ᠣᠳᠣ ᠮᠢᠨᠦ ᠰᠢᠳᠠᠷ ᠬᠣᠷᠴᠢ (ᠨᠤᠮᠤ ᠰᠤᠮᠤ ᠠᠭᠰᠠᠭᠴᠢ) ᠪᠣᠯᠵᠤ᠂ ᠬᠤᠷᠢᠮ ᠳ᠋ᠤ᠌ ᠬᠤᠨᠳᠠᠭ᠎ᠠ ᠳᠡᠪᠰᠢᠭᠦᠯᠵᠦ᠂ ᠳᠠᠷᠬᠠᠨ ᠡᠷᠬᠡ ᠲᠡᠢ ᠵᠢᠷᠭᠠᠵᠤ ᠶᠠᠪᠤᠲᠤᠭᠠᠢ!》 ᠭᠡᠵᠦ ᠵᠠᠷᠯᠢᠭ ᠪᠣᠯᠪᠠ᠃
 220᠂ ᠪᠠᠰᠠ ᠴᠢᠩᠭᠢᠰ ᠬᠠᠭᠠᠨ ᠨᠠᠶᠠᠭ᠎ᠠ ᠳ᠋ᠤ᠌ ᠥᠭᠦᠯᠡᠷᠦᠨ᠄ 《ᠰᠢᠷᠡᠭᠡᠲᠦ ᠡᠪᠦᠭᠡᠨ᠂ ᠠᠯᠠᠭ ᠨᠠᠶᠠᠭ᠎ᠠ ᠬᠣᠶᠠᠷ ᠬᠥᠪᠡᠭᠦᠨ ᠦ᠌ ᠬᠠᠮᠲᠤ ᠲᠠᠷᠭᠤᠲᠠᠢ ᠬᠢᠷᠢᠯᠳᠣᠭ ᠢ᠋ ᠪᠠᠷᠢᠵᠤ ᠠᠪᠴᠢᠷᠠᠬᠤ ᠵᠠᠮ ᠳ᠋ᠤ᠌ ᠬᠣᠳᠣᠭᠣᠯ ᠨᠤᠭᠤ ᠳ᠋ᠤ᠌ ᠬᠦᠷᠦᠭᠡᠳ ᠨᠠᠶᠠᠭ᠎ᠠ ᠶ᠋ᠢᠨ ᠬᠡᠯᠡᠭᠰᠡᠨ ᠨᠢ᠄ 〈ᠪᠢᠳᠡ ᠬᠠᠨ ᠡᠵᠡᠨ ᠢ᠋ᠶ᠋ᠡᠨ ᠶᠠᠭᠠᠬᠢᠨ ᠲᠡᠪᠴᠢᠵᠦ ᠪᠠᠷᠢᠵᠤ ᠣᠳᠬᠤ ᠪᠣᠢ?〉 ᠭᠡᠵᠦ ᠰᠡᠳᠬᠢᠯ ᠲᠦᠪᠳᠡᠬᠦ ᠦᠭᠡᠢ ᠪᠣᠯᠤᠭᠠᠳ ᠲᠠᠷᠭᠤᠲᠠᠢ ᠶ᠋ᠢ ᠰᠤᠯᠠ ᠲᠠᠯᠪᠢᠨ ᠪᠤᠴᠠᠭᠠᠵᠤ᠂ ᠰᠢᠷᠡᠭᠡᠲᠦ ᠡᠪᠦᠭᠡᠨ᠂ ᠬᠥᠪᠡᠭᠦᠨ ᠠᠯᠠᠭ ᠨᠠᠶᠠᠭ᠎ᠠ ᠨᠠᠷ ᠲᠠᠢ ᠬᠠᠮᠲᠤ ᠢᠷᠡᠵᠦ ᠨᠠᠶᠠᠭ᠎ᠠ ᠶ᠋ᠢᠨ ᠬᠡᠯᠡᠭᠰᠡᠨ ᠨᠢ᠄〈ᠪᠢᠳᠡ ᠬᠠᠨ ᠲᠠᠷᠭᠤᠲᠠᠢ ᠬᠢᠷᠢᠯᠳᠣᠭ ᠢ᠋ ᠭᠠᠷᠳᠠᠨ ᠪᠠᠷᠢᠵᠤ ᠢᠷᠡᠵᠦ ᠶᠠᠪᠤᠭᠠᠳ ᠵᠢᠴᠢ ᠲᠡᠪᠴᠢᠨ ᠶᠠᠳᠠᠵᠤ ᠲᠠᠯᠪᠢᠨ ᠪᠤᠴᠠᠭᠠᠭᠠᠳ ᠪᠢᠳᠡ ᠴᠢᠩᠭᠢᠰ ᠬᠠᠭᠠᠨ ᠳ᠋ᠤ᠌ ᠬᠦᠴᠦ ᠪᠡᠨ ᠥᠭᠶ᠎ᠡ ᠭᠡᠵᠦ ᠢᠷᠡᠪᠡ᠃ ᠬᠡᠷᠪᠡ ᠬᠠᠨ ᠢ᠋ᠶ᠋ᠠᠨ ᠪᠠᠷᠢᠵᠤ ᠢᠷᠡᠪᠡᠯ ᠬᠠᠨ ᠡᠵᠡᠨ ᠢ᠋ᠶ᠋ᠡᠨ ᠪᠠᠷᠢᠭᠰᠠᠨ ᠬᠠᠷᠠᠴᠤ ᠠᠷᠠᠳ ᠲᠤ᠌ ᠶᠠᠭᠠᠬᠢᠵᠤ ᠢᠲᠡᠭᠡᠬᠦ ᠪᠣᠢ〉 ᠭᠡᠬᠦ ᠪᠢᠯᠡ᠃ ᠬᠠᠨ ᠳ᠋ᠠᠭᠠᠨ ᠬᠠᠯᠳᠠᠵᠤ ᠴᠢᠳᠠᠭᠰᠠᠨ ᠦᠭᠡᠢ ᠲᠤᠯᠠ ᠲᠡᠳᠡᠨ ᠢ᠋ ᠲᠤᠰ (ᠥᠪᠡᠷ ᠦ᠋ᠨ) ᠬᠠᠭᠠᠨ ᠢ᠋ᠶ᠋ᠠᠨ ᠬᠠᠢᠷᠠᠯᠠᠬᠤ ᠶᠡᠬᠡ ᠶᠣᠰᠣ ᠶ᠋ᠢ ᠮᠡᠳᠡᠭᠰᠡᠨ ᠬᠥᠮᠦᠰ ᠭᠡᠵᠦ ᠦᠭᠡ ᠶ᠋ᠢ ᠵᠥᠪᠰᠢᠶᠡᠵᠦ᠂ ᠨᠢᠭᠡᠨ ᠦᠢᠯᠡ ᠬᠡᠷᠡᠭ ᠢ᠋ ᠲᠤᠰᠢᠶᠠᠶ᠎ᠠ ᠭᠡᠰᠡᠨ ᠪᠢᠯᠡ᠂ ᠪᠣᠭᠣᠷᠴᠤ ᠪᠠᠷᠠᠭᠤᠨ ᠭᠠᠷ ᠤ᠋ᠨ ᠲᠦᠮᠡᠨ ᠢ᠋ ᠵᠠᠬᠢᠷᠬᠤ ᠨᠣᠶᠠᠨ ᠪᠣᠯᠪᠠ᠂ ᠮᠤᠬᠤᠯᠠᠢ ᠭᠦᠸᠧ ᠸᠠᠩ ᠪᠣᠯᠵᠤ ᠵᠡᠭᠦᠨ ᠭᠠᠷ ᠤ᠋ᠨ ᠲᠦᠮᠡᠨ ᠢ᠋ ᠵᠠᠬᠢᠷᠬᠤ ᠨᠣᠶᠠᠨ ᠪᠣᠯᠪᠠ᠃ ᠣᠳᠣ ᠨᠠᠶᠠᠭ᠎ᠠ᠂ ᠲᠥᠪ ᠦ᠋ᠨ ᠲᠦᠮᠡᠨ ᠢ᠋ ᠵᠠᠬᠢᠷᠬᠤ ᠨᠣᠶᠠᠨ ᠪᠣᠯᠲᠤᠭᠠᠢ》 ᠭᠡᠵᠦ ᠵᠠᠷᠯᠢᠭ ᠪᠣᠯᠪᠠ᠃
 221᠂ ᠪᠠᠰᠠ ᠵᠡᠪᠡ᠂ ᠰᠦᠪᠡᠬᠡᠳᠡᠢ ᠬᠣᠶᠠᠷ ᠢ᠋ ᠥᠪᠡᠷ ᠦ᠋ᠨ ᠣᠯᠤᠭᠰᠠᠨ ᠵᠥᠭᠡᠭᠡᠭᠰᠡᠨ ᠢᠷᠭᠡᠨ ᠢ᠋ᠶ᠋ᠡᠨ ᠮᠢᠩᠭ᠋ᠠᠳᠣ ᠪᠣᠯᠭᠠᠨ ᠵᠠᠬᠢᠷᠤᠭᠲᠤᠨ ᠭᠡᠪᠡ᠃
 222᠂ ᠪᠠᠰᠠ ᠬᠣᠨᠢ ᠬᠠᠷᠢᠭᠤᠯᠤᠭᠴᠢ ᠳᠡᠭᠡᠢ ᠳ᠋ᠦ᠍ ᠮᠢᠩᠭ᠋ᠠᠳᠣ ᠶ᠋ᠢ ᠡᠨᠳᠡ ᠲᠡᠨᠳᠡ ᠡᠴᠡ ᠴᠤᠭᠯᠠᠭᠤᠯᠵᠤ ᠦᠭᠭᠡᠳ ᠮᠢᠩᠭᠠᠨ ᠤ᠋ ᠨᠣᠶᠠᠨ ᠪᠣᠯᠭᠠᠪᠠ᠃
 223᠂ ᠪᠠᠰᠠ ᠮᠣᠳᠣᠴᠢ ᠳᠠᠷᠬᠠᠨ ᠭᠦᠴᠦᠭᠦᠷ ᠲᠦ᠍ ᠥᠭᠬᠦ ᠢᠷᠭᠡᠨ ᠳᠤᠲᠠᠭᠳᠠᠭᠰᠠᠨ ᠲᠤᠯᠠ ᠪᠤᠰᠤᠳ ᠨᠣᠶᠠᠳ ᠤ᠋ᠨ ᠠᠯᠪᠠᠲᠤ ᠨᠠᠷ ᠠ᠋ᠴᠠ ᠲᠠᠲᠠᠵᠤ ᠴᠤᠭᠯᠠᠭᠤᠯᠤᠭᠰᠠᠨ ᠢᠷᠭᠡᠨ ᠢ᠋ ᠵᠠᠳᠠᠷᠠᠨ ᠤ᠋ ᠮᠣᠯᠬᠠᠯᠬᠣ ᠳ᠋ᠤ᠌ ᠵᠦᠭᠡᠷ ᠨᠡᠢᠯᠡᠭᠦᠯᠵᠦ᠂ ᠬᠦᠴᠦᠭᠦᠷ ᠮᠣᠯᠬᠠᠯᠬᠣ ᠬᠣᠶᠠᠷ ᠨᠢᠭᠡ ᠮᠢᠩᠭᠠᠨ ᠢ᠋ ᠬᠠᠪᠰᠤᠷᠤᠨ ᠵᠥᠪᠯᠡᠵᠦ ᠵᠠᠬᠢᠷᠤᠭᠲᠤᠨ》 ᠭᠡᠪᠡ᠃
 224᠂ ᠤᠯᠤᠰ ᠢ᠋ ᠪᠠᠢᠭᠤᠯᠬᠤ ᠳ᠋ᠤ᠌ ᠵᠢᠳᠬᠦᠭᠰᠡᠨ ᠬᠥᠮᠦᠰ ᠢ᠋ ᠲᠦᠮᠡᠨ ᠦ᠌ ᠨᠣᠶᠠᠳ᠂ ᠮᠢᠩᠭᠠᠨ ᠤ᠋ ᠨᠣᠶᠠᠳ᠂ ᠵᠠᠭᠤᠨ ᠤ᠋ ᠨᠣᠶᠠᠳ᠂ ᠠᠷᠪᠠᠨ ᠤ᠋ ᠨᠣᠶᠠᠳ ᠪᠣᠯᠭᠠᠵᠤ᠂ ᠰᠣᠶᠣᠷᠬᠠᠯ ᠢ᠋ ᠥᠭᠬᠦ ᠬᠥᠮᠦᠰ ᠲᠦ᠍ ᠰᠣᠶᠣᠷᠬᠠᠯ ᠢ᠋ᠶ᠋ᠠᠨ ᠥᠭᠴᠦ᠂ ᠵᠠᠷᠯᠢᠭ ᠢ᠋ ᠪᠠᠭᠤᠯᠭᠠᠬᠤ ᠬᠥᠮᠦᠰ ᠲᠦ᠍ ᠵᠠᠷᠯᠢᠭ ᠢ᠋ᠶ᠋ᠠᠨ ᠪᠠᠭᠤᠯᠭᠠᠵᠤ ᠴᠢᠩᠭᠢᠰ ᠬᠠᠭᠠᠨ ᠵᠠᠷᠯᠢᠭ ᠪᠣᠯᠤᠷᠤᠨ᠄ 《ᠤᠷᠢᠳᠤ ᠪᠢ ᠨᠠᠶᠠᠨ ᠬᠡᠪᠲᠡᠭᠦᠯ ᠮᠠᠨᠠᠭᠠᠴᠢ ᠲᠠᠢ᠂ ᠳᠠᠯᠠᠨ ᠰᠢᠳᠠᠷ ᠬᠡᠰᠢᠭᠲᠡᠨ ᠲᠡᠢ ᠪᠠᠢᠪᠠ᠃ ᠣᠳᠣ ᠮᠥᠩᠬᠡ ᠲᠡᠭᠷᠢ ᠶ᠋ᠢᠨ ᠥᠷᠥᠰᠢᠶᠡᠯ ᠢ᠋ᠶ᠋ᠡᠷ᠂ ᠲᠡᠭᠷᠢ ᠭᠠᠵᠠᠷ ᠤ᠋ᠨ ᠢᠪᠡᠭᠡᠯ ᠢ᠋ᠶ᠋ᠡᠷ ᠬᠦᠴᠦ ᠠᠤᠭ᠎ᠠ ᠨᠡᠮᠡᠭᠳᠡᠵᠦ᠂ ᠬᠥᠷ ᠶᠡᠬᠡ ᠤᠯᠤᠰ ᠢ᠋ ᠬᠠᠮᠲᠤᠳᠬᠠᠵᠤ᠂ ᠭᠠᠭᠴᠠ ᠵᠢᠯᠤᠭᠤᠨ ᠳ᠋ᠠᠭᠠᠨ ᠣᠷᠣᠭᠤᠯᠤᠭᠰᠠᠨ ᠲᠤᠯᠠ ᠣᠳᠣ ᠨᠠᠳᠠ ᠳ᠋ᠤ᠌ ᠮᠢᠩᠭᠠᠨ ᠰᠢᠳᠠᠷ ᠬᠡᠰᠢᠭᠲᠡᠨ ᠢ᠋ ᠢᠯᠭᠠᠵᠤ ᠥᠭ᠂ ᠬᠡᠪᠲᠡᠭᠦᠯ᠂ ᠬᠣᠷᠴᠢᠨ᠂ ᠲᠣᠷᠬᠠᠭ ᠤ᠋ᠳ ᠤ᠋ᠨ ᠬᠠᠮᠲᠤ ᠪᠦᠭᠦᠳᠡ ᠲᠦᠮᠡᠨ ᠬᠥᠮᠦᠨ ᠪᠣᠯᠭᠠᠵᠤ ᠥᠭᠲᠦᠭᠡᠢ!》 ᠭᠡᠵᠦ ᠵᠠᠷᠯᠢᠭ ᠪᠣᠯᠪᠠ᠃ ᠪᠠᠰᠠ ᠴᠢᠩᠭᠢᠰ ᠬᠠᠭᠠᠨ᠂ ᠬᠡᠰᠢᠭᠲᠡᠨ ᠢ᠋ ᠢᠯᠭᠠᠵᠤ ᠲᠣᠮᠢᠯᠠᠬᠤ ᠲᠤᠬᠠᠢ ᠮᠢᠩᠭᠠᠨ ᠤ᠋ ᠨᠣᠶᠠᠳ ᠲᠤ᠌ ᠲᠤᠩᠬᠠᠭ ᠵᠠᠷᠯᠢᠭ ᠪᠠᠭᠤᠯᠭᠠᠭᠰᠠᠨ ᠨᠢ᠄ 《ᠮᠢᠨᠦ ᠬᠡᠰᠢᠭᠲᠡᠨ ᠢ᠋ ᠲᠣᠮᠢᠯᠠᠬᠤ ᠳ᠋ᠤ᠌ ᠲᠦᠮᠡᠲᠦ᠂ ᠮᠢᠩᠭᠠᠲᠤ᠂ ᠵᠠᠭᠤᠲᠤ ᠶ᠋ᠢᠨ ᠨᠣᠶᠠᠳ ᠤ᠋ᠨ ᠬᠥᠪᠡᠭᠦᠳ᠂ ᠰᠤᠯᠠ ᠬᠥᠮᠦᠨ ᠦ᠌ ᠬᠥᠪᠡᠭᠦᠳ ᠦ᠋ᠨ ᠳᠣᠲᠣᠷ᠎ᠠ ᠠ᠋ᠴᠠ ᠮᠢᠨᠦ ᠳᠡᠷᠭᠡᠳᠡ ᠲᠡᠩᠴᠡᠬᠦ ᠪᠢᠯᠢᠭ ᠡᠷᠳᠡᠮᠲᠡᠢ᠂ ᠪᠡᠶ᠎ᠡ ᠰᠠᠢᠲᠠᠢ ᠶ᠋ᠢ ᠨᠢ ᠢᠯᠭᠠᠵᠤ ᠣᠷᠣᠭᠤᠯᠲᠤᠭᠠᠢ᠃ ᠮᠢᠨᠦ ᠰᠢᠳᠠᠷ ᠴᠡᠷᠢᠭ ᠲᠦ᠍ ᠣᠷᠣᠬᠤ ᠳ᠋ᠠᠭᠠᠨ ᠮᠢᠩᠭᠠᠨ ᠤ᠋ ᠨᠣᠶᠠᠳ ᠤ᠋ᠨ ᠬᠥᠪᠡᠭᠦᠳ᠂ ᠠᠷᠪᠠᠨ ᠨᠥᠬᠥᠷ (ᠴᠡᠷᠢᠭ)᠂ ᠨᠢᠭᠡ ᠳᠡᠭᠦᠦ ᠪᠡᠨ ᠳᠠᠭᠠᠭᠤᠯᠵᠤ ᠢᠷᠡᠲᠦᠭᠡᠢ᠃ ᠵᠠᠭᠤᠨ ᠤ᠋ ᠨᠣᠶᠠᠳ ᠤ᠋ᠨ ᠬᠥᠪᠡᠭᠦᠳ ᠲᠠᠪᠤᠨ ᠨᠥᠬᠥᠷ᠂ ᠨᠢᠭᠡ ᠳᠡᠭᠦᠦ ᠪᠡᠨ ᠳᠠᠭᠠᠭᠤᠯᠵᠤ ᠢᠷᠡᠲᠦᠭᠡᠢ᠃ ᠠᠷᠪᠠᠨ ᠤ᠋ ᠨᠣᠶᠠᠳ ᠤ᠋ᠨ ᠬᠥᠪᠡᠭᠦᠳ ᠪᠠᠰᠠ ᠰᠤᠯᠠ ᠬᠥᠮᠦᠨ ᠦ᠌ ᠬᠥᠪᠡᠭᠦᠳ᠂ ᠭᠤᠷᠪᠠᠨ ᠨᠥᠬᠥᠷ ᠨᠢᠭᠡ ᠳᠡᠭᠦᠦ ᠪᠡᠨ ᠳᠠᠭᠠᠭᠤᠯᠵᠤ ᠢᠷᠡᠲᠦᠭᠡᠢ᠃ ᠢᠩᠭᠢᠬᠦ ᠳ᠋ᠡᠭᠡᠨ ᠲᠡᠳᠡ ᠤᠭ ᠭᠠᠵᠠᠷ ᠠ᠋ᠴᠠ ᠪᠠᠨ ᠣᠨᠣᠯᠭ᠎ᠠ ᠮᠣᠷᠢ ᠪᠠᠨ ᠪᠡᠯᠡᠳᠬᠡᠵᠦ ᠢᠷᠡᠲᠦᠭᠡᠢ᠃ ᠮᠢᠨᠦ ᠰᠢᠳᠠᠷ ᠴᠡᠷᠢᠭ ᠲᠦ᠍ ᠢᠷᠡᠬᠦ ᠮᠢᠩᠭᠠᠨ ᠤ᠋ ᠨᠣᠶᠠᠳ ᠤ᠋ᠨ ᠬᠥᠪᠡᠭᠦᠳ ᠠᠷᠪᠠᠨ ᠨᠥᠬᠥᠳ᠂ ᠬᠡᠷᠡᠭᠯᠡᠬᠦ ᠶᠠᠭᠤᠮ᠎ᠠ ᠪᠠᠨ ᠬᠠᠷᠢᠶᠠᠲᠤ ᠮᠢᠩᠭᠠᠨ ᠤ᠋ ᠳᠣᠲᠣᠷ᠎ᠠ ᠠ᠋ᠴᠠ ᠲᠠᠲᠠᠵᠤ ᠠᠪᠤᠭᠲᠤᠨ᠃ ᠡᠴᠢᠭᠡ ᠶ᠋ᠢᠨ ᠥᠭᠭᠰᠡᠨ ᠬᠤᠪᠢ ᠬᠡᠰᠢᠭ ᠪᠤᠶᠤ ᠥᠪᠡᠷ ᠦ᠋ᠨ ᠣᠯᠤᠭᠰᠠᠨ ᠵᠥᠭᠡᠭᠡᠭᠰᠡᠨ ᠮᠣᠷᠢ᠂ ᠶᠠᠭᠤᠮ᠎ᠠ ᠬᠡᠳᠦᠢ ᠪᠠᠢᠪᠠᠴᠤ᠂ ᠥᠮᠴᠢ ᠬᠤᠪᠢ ᠠ᠋ᠴᠠ ᠠᠩᠭᠢᠳᠠ ᠪᠢᠳᠡᠨ ᠦ᠌ ᠵᠢᠭᠠᠭᠰᠠᠨ ᠬᠡᠮᠵᠢᠶ᠎ᠡ ᠪᠡᠷ ᠠᠪᠴᠤ ᠪᠡᠯᠡᠳᠬᠡᠵᠦ ᠢᠷᠡᠲᠦᠭᠡᠢ᠃ ᠵᠠᠭᠤᠨ ᠤ᠋ ᠨᠣᠶᠠᠳ ᠤ᠋ᠨ ᠬᠥᠪᠡᠭᠦᠳ᠂ ᠲᠠᠪᠤᠨ ᠨᠥᠬᠥᠳ ᠲᠡᠢ᠂ ᠠᠷᠪᠠᠨ ᠤ᠋ ᠨᠣᠶᠠᠳ ᠪᠠᠰᠠ ᠰᠤᠯᠠ ᠬᠥᠮᠦᠨ ᠦ᠌ ᠬᠥᠪᠡᠭᠦᠳ᠂ ᠭᠤᠷᠪᠠᠨ ᠨᠥᠬᠥᠳ ᠲᠡᠢ᠂ ᠮᠥᠨ ᠥᠮᠴᠢ ᠬᠤᠪᠢ ᠠ᠋ᠴᠠ ᠠᠩᠭᠢᠳᠠ ᠮᠥᠨ ᠲᠡᠷᠡ ᠶᠣᠰᠣᠭᠠᠷ ᠬᠡᠷᠡᠭᠯᠡᠬᠦ ᠮᠣᠷᠢ᠂ ᠶᠠᠭᠤᠮ᠎ᠠ ᠪᠠᠨ ᠪᠡᠯᠡᠳᠬᠡᠵᠦ ᠢᠷᠡᠲᠦᠭᠡᠢ!》 ᠭᠡᠵᠦ ᠵᠠᠷᠯᠢᠭ ᠪᠣᠯᠪᠠ᠃ 《 ᠮᠢᠩᠭᠠᠲᠤ᠂ ᠵᠠᠭᠤᠲᠤ᠂ ᠠᠷᠪᠠᠲᠤ ᠶ᠋ᠢᠨ ᠨᠣᠶᠠᠳ ᠣᠯᠠᠨ ᠬᠥᠮᠦᠨ᠂ ᠪᠢᠳᠡᠨ ᠦ᠌ ᠡᠨᠡ ᠵᠠᠷᠯᠢᠭ ᠢ᠋ ᠰᠣᠨᠣᠰᠤᠭᠠᠳ ᠵᠥᠷᠢᠴᠡᠵᠦ ᠳᠠᠪᠠᠪᠠᠯ ᠴᠢᠩᠭ᠋ᠠᠯᠠᠨ ᠰᠢᠳᠬᠡᠨ᠎ᠡ᠃ ᠪᠢᠳᠡᠨ ᠦ᠌ ᠰᠢᠳᠠᠷ ᠴᠡᠷᠢᠭ ᠲᠦ᠍ ᠣᠷᠣᠪᠠᠯ ᠵᠣᠬᠢᠬᠤ ᠬᠥᠮᠦᠨ ᠪᠤᠯᠲᠠᠷᠠᠵᠤ ᠪᠢᠳᠡᠨ ᠦ᠌ ᠳᠡᠷᠭᠡᠳᠡ ᠶᠠᠪᠤᠬᠤ ᠳ᠋ᠤ᠌ ᠪᠠᠨ ᠪᠡᠷᠬᠡᠰᠢᠶᠡᠪᠡᠯ ᠥᠭᠡᠷ᠎ᠡ ᠬᠥᠮᠦᠨ ᠢ᠋ ᠣᠷᠣᠭᠤᠯᠤᠭᠠᠳ ᠲᠡᠭᠦᠨ ᠢ᠋ ᠰᠢᠳᠬᠡᠵᠦ᠂ ᠡᠴᠢᠨ᠎ᠡ ᠬᠣᠯᠠ ᠭᠠᠵᠠᠷ ᠴᠦᠯᠡᠶ᠎ᠡ》 ᠭᠡᠵᠦ ᠵᠠᠷᠯᠢᠭ ᠪᠣᠯᠪᠠ᠃ 《ᠪᠢᠳᠡᠨ ᠦ᠌ ᠳᠡᠷᠭᠡᠳᠡ ᠳᠣᠲᠣᠨᠣ ᠶᠠᠪᠤᠵᠤ ᠰᠤᠷᠤᠯᠴᠠᠶ᠎ᠠ ᠭᠡᠵᠦ ᠪᠢᠳᠡᠨ ᠳ᠋ᠦ᠍ ᠢᠷᠡᠬᠦ ᠠᠷᠠᠳ ᠢ᠋ ᠪᠦᠦ ᠬᠣᠷᠢᠭᠯᠠᠲᠤᠭᠠᠢ》 ᠭᠡᠪᠡ᠃
 225᠂ ᠴᠢᠩᠭᠢᠰ ᠬᠠᠭᠠᠨ ᠤ᠋ ᠵᠠᠷᠯᠢᠭ ᠤ᠋ᠨ ᠶᠣᠰᠣ ᠪᠠᠷ ᠮᠢᠩᠭ᠋ᠠᠳᠣ᠂ ᠵᠠᠭᠤᠲᠤ᠂ ᠠᠷᠪᠠᠲᠤ ᠶ᠋ᠢᠨ ᠨᠣᠶᠠᠳ ᠤ᠋ᠨ ᠬᠥᠪᠡᠭᠦᠳ ᠢ᠋ ᠢᠯᠭᠠᠵᠤ ᠶᠠᠪᠤᠭᠤᠯᠤᠭᠠᠳ᠂ ᠤᠷᠢᠳᠤ ᠪᠠᠢᠭᠰᠠᠨ ᠨᠠᠶᠠᠨ ᠬᠡᠪᠲᠡᠭᠦᠯ ᠢ᠋ ᠨᠢᠮᠡᠨ ᠵᠠᠭᠤ ᠪᠣᠯᠭᠠᠪᠠ᠃ ᠨᠢᠮᠡᠨ ᠵᠠᠭᠤ ᠳᠡᠭᠡᠷ᠎ᠡ ᠨᠡᠮᠡᠵᠦ ᠮᠢᠩᠭ᠎ᠠ ᠪᠣᠯᠭᠠᠲᠤᠭᠠᠢ ᠭᠡᠪᠡ᠃ ᠬᠡᠪᠲᠡᠭᠦᠯ ᠳ᠋ᠦ᠍ ᠣᠷᠣᠬᠤ ᠬᠥᠮᠦᠰ ᠢ᠋ ᠪᠦᠦ ᠢᠳᠬᠠᠵᠤ ᠬᠣᠷᠢᠭᠯᠠᠲᠤᠭᠠᠢ ᠭᠡᠵᠦ ᠵᠠᠷᠯᠢᠭ ᠪᠣᠯᠪᠠ᠃ ᠬᠡᠪᠲᠡᠭᠦᠯ ᠢ᠋ ᠶᠡᠬᠡ ᠨᠡᠭᠦᠷᠦᠨ ᠵᠠᠬᠢᠷᠴᠤ ᠮᠢᠩᠭᠠᠨ ᠤ᠋ ᠨᠣᠶᠠᠨ ᠪᠣᠯᠲᠤᠭᠠᠢ ᠭᠡᠵᠦ ᠵᠠᠷᠯᠢᠭ ᠪᠣᠯᠪᠠ᠃ ᠪᠠᠰᠠ ᠳᠥᠷᠪᠡᠨ ᠵᠠᠭᠤᠨ ᠬᠣᠷᠴᠢᠨ ᠢ᠋ ᠲᠣᠮᠢᠯᠠᠵᠤ᠂ ᠬᠣᠷᠴᠢᠨ ᠢ᠋ ᠵᠠᠯᠮ᠎ᠠ ᠶ᠋ᠢᠨ ᠬᠥᠪᠡᠭᠦᠨ ᠶᠢᠰᠦᠨ ᠲᠡᠭᠡ ᠠᠬᠠᠯᠠᠵᠤ᠂ ᠲᠥᠭᠡ ᠶ᠋ᠢᠨ ᠬᠥᠪᠡᠭᠦᠨ  ᠪᠥᠭᠡᠳᠡᠢ ᠲᠡᠢ ᠵᠥᠪᠯᠡᠵᠦ ᠵᠠᠬᠢᠷᠲᠤᠭᠠᠢ ᠭᠡᠪᠡ᠃ ᠲᠣᠷᠬᠠᠭ ᠤ᠋ᠳ᠂ ᠬᠡᠰᠢᠭᠲᠡᠨ ᠨᠠᠷ ᠢ᠋ ᠳᠥᠷᠪᠡᠨ ᠡᠭᠡᠯᠵᠢ ᠪᠡᠷ ᠮᠠᠨᠠᠬᠤ ᠪᠣᠯᠭᠠᠵᠤ᠂ ᠶᠢᠰᠦᠨ ᠲᠡᠭᠡ ᠨᠢᠭᠡᠨ ᠡᠭᠡᠯᠵᠢ ᠶ᠋ᠢᠨ ᠬᠣᠷᠴᠢᠨ ᠢ᠋ ᠵᠠᠬᠢᠷᠴᠤ᠂ ᠪᠥᠭᠡᠳᠡᠢ ᠨᠥᠭᠥᠭᠡ ᠡᠭᠡᠯᠵᠢ ᠶ᠋ᠢᠨ ᠬᠣᠷᠴᠢᠨ ᠢ᠋ ᠵᠠᠬᠢᠷᠴᠤ᠂ ᠬᠣᠷᠭᠣᠳᠠᠭ ᠭᠤᠷᠪᠠᠳᠤᠭᠠᠷ ᠡᠭᠡᠯᠵᠢ ᠶ᠋ᠢᠨ ᠬᠣᠷᠴᠢᠨ ᠢ᠋ ᠵᠠᠬᠢᠷᠴᠤ᠂  ᠯᠠᠪᠯᠠᠭ᠎ᠠ ᠳᠥᠷᠪᠡᠳᠦᠭᠡᠷ ᠡᠭᠡᠯᠵᠢ ᠶ᠋ᠢᠨ ᠬᠣᠷᠴᠢᠨ ᠢ᠋ ᠵᠠᠬᠢᠷᠴᠤ ᠶᠠᠪᠤᠲᠤᠭᠠᠢ᠃ ᠨᠤᠮᠤ ᠰᠤᠮᠤ ᠠᠭᠰᠠᠭᠰᠠᠨ ᠬᠣᠷᠴᠢᠨ ᠲᠣᠷᠬᠠᠭ ᠤ᠋ᠳ ᠤ᠋ᠨ ᠴᠡᠷᠢᠭ ᠢ᠋ ᠡᠢᠨᠬᠦ ᠵᠠᠬᠢᠷᠴᠤ ᠶᠠᠪᠤᠲᠤᠭᠠᠢ᠃ ᠬᠣᠷᠴᠢᠨ ᠢ᠋ ᠮᠢᠩᠭ᠎ᠠ ᠪᠣᠯᠭᠠᠵᠤ ᠶᠢᠰᠦᠨ ᠲᠡᠭᠡ ᠵᠠᠬᠢᠷᠴᠤ ᠶᠠᠪᠤᠲᠤᠭᠠᠢ! ᠭᠡᠵᠦ ᠵᠠᠷᠯᠢᠭ ᠪᠣᠯᠪᠠ᠃
 226᠂ 《ᠤᠷᠢᠳᠤ ᠥᠭᠡᠯᠡᠨ ᠴᠡᠷᠪᠢ ᠶ᠋ᠢᠨ ᠵᠠᠬᠢᠷᠴᠤ ᠪᠠᠢᠭᠰᠠᠨ ᠲᠣᠷᠬᠠᠭ ᠤ᠋ᠳ ᠳᠡᠭᠡᠷ᠎ᠡ ᠨᠡᠮᠡᠵᠦ ᠮᠢᠩᠭ᠎ᠠ ᠪᠣᠯᠭᠠᠭᠠᠳ᠂ ᠪᠣᠭᠣᠷᠴᠤ ᠶ᠋ᠢᠨ ᠤᠷᠤᠭ(ᠦᠷ᠎ᠡ) ᠥᠭᠡᠯᠡᠨ ᠴᠡᠷᠪᠢ ᠪᠡᠷ ᠵᠠᠬᠢᠷᠤᠭᠤᠯᠤᠶ᠎ᠠ᠃ ᠪᠠᠰᠠ ᠨᠢᠭᠡᠨ ᠮᠢᠩᠭᠠᠨ ᠲᠣᠷᠬᠠᠭ ᠤ᠋ᠳ ᠢ᠋ ᠮᠤᠬᠤᠯᠠᠢ ᠶ᠋ᠢᠨ ᠤᠷᠤᠭ ᠪᠤᠬ᠎ᠠ ᠪᠠᠷ ᠵᠠᠬᠢᠷᠤᠭᠤᠯᠤᠶ᠎ᠠ᠃ ᠢᠯᠦᠭᠡᠢ ᠶ᠋ᠢᠨ ᠤᠷᠤᠭ ᠠᠯᠴᠢᠳᠠᠢ ᠪᠠᠷ ᠨᠢᠭᠡᠨ ᠮᠢᠩᠭᠠᠨ ᠲᠣᠷᠬᠠᠭ ᠤ᠋ᠳ ᠢ᠋ ᠵᠠᠬᠢᠷᠠᠭᠣᠯᠣᠶ᠎ᠠ᠃ ᠨᠢᠭᠡᠨ ᠮᠢᠩᠭᠠᠨ ᠲᠣᠷᠬᠠᠭ ᠤ᠋ᠳ ᠢ᠋ ᠲᠣᠳᠠᠢ ᠴᠡᠷᠪᠢ ᠪᠡᠷ ᠵᠠᠬᠢᠷᠤᠭᠤᠯᠤᠶ᠎ᠠ᠃ ᠪᠠᠰᠠ ᠨᠢᠭᠡᠨ ᠮᠢᠩᠭᠠᠨ ᠲᠣᠷᠬᠠᠭ ᠤ᠋ᠳ ᠢ᠋ ᠲᠤᠭᠤᠯᠬᠤ ᠴᠡᠷᠪᠢ ᠪᠡᠷ ᠵᠠᠬᠢᠷᠤᠭᠤᠯᠤᠶ᠎ᠠ᠃ ᠨᠢᠭᠡᠨ ᠮᠢᠩᠭᠠᠨ ᠲᠣᠷᠬᠠᠭ ᠤ᠋ᠳ ᠢ᠋ ᠵᠦᠷᠴᠢᠳᠡᠢ ᠶ᠋ᠢᠨ ᠤᠷᠤᠭ ᠴᠠᠨᠠᠢ ᠪᠠᠷ ᠵᠠᠬᠢᠷᠤᠭᠤᠯᠤᠶ᠎ᠠ᠃ ᠨᠢᠭᠡᠨ ᠮᠢᠩᠭᠠᠨ ᠲᠣᠷᠬᠠᠭ ᠤ᠋ᠳ ᠢ᠋ ᠠᠯᠴᠢ ᠶ᠋ᠢᠨ ᠤᠷᠤᠭ ᠠᠬᠣᠳᠠᠢ ᠪᠠᠷ ᠵᠠᠬᠢᠷᠤᠭᠤᠯᠤᠶ᠎ᠠ᠃ ᠨᠢᠭᠡᠨ ᠮᠢᠩᠭᠠᠨ ᠪᠠᠭᠠᠲᠤᠷ ᠴᠡᠷᠢᠭ ᠢ᠋ ᠰᠢᠯᠢᠵᠦ ᠠᠷᠬᠠᠢ ᠬᠠᠰᠠᠷ ᠢ᠋ᠶ᠋ᠠᠷ ᠵᠠᠬᠢᠷᠤᠭᠤᠯᠤᠭᠠᠳ ᠡᠩ ᠦ᠋ᠨ ᠡᠳᠦᠷ ᠡᠭᠡᠯᠵᠢᠯᠡᠬᠦ ᠲᠣᠷᠬᠠᠭ ᠴᠡᠷᠢᠭ ᠪᠣᠯᠭᠠᠵᠤ᠂ ᠬᠠᠳᠬᠤᠯᠳᠤᠨ ᠪᠠᠢᠯᠳᠤᠬᠤ ᠡᠳᠦᠷ ᠬᠠᠮᠤᠭ ᠤ᠋ᠨ ᠲᠡᠷᠢᠭᠦᠨ ᠳ᠋ᠦ᠍ ᠪᠠᠭᠠᠳᠣᠷᠯᠠᠭᠣᠯᠣᠨ ᠶᠠᠪᠤᠭᠤᠯᠤᠶ᠎ᠠ!》 ᠭᠡᠵᠦ ᠵᠠᠷᠯᠢᠭ ᠪᠣᠯᠪᠠ᠃ ᠣᠯᠠᠨ ᠮᠢᠩᠭ᠋ᠠᠳᠣ ᠠ᠋ᠴᠠ ᠢᠯᠭᠠᠵᠤ ᠢᠷᠡᠭᠦᠯᠦᠭᠰᠡᠨ ᠬᠥᠮᠦᠰ ᠢ᠋ ᠨᠢᠮᠡᠨ ᠮᠢᠩᠭᠠᠨ ᠲᠣᠷᠬᠠᠭ ᠤ᠋ᠳ ᠪᠣᠯᠭᠠᠪᠠ᠃ ᠬᠣᠶᠠᠷ ᠮᠢᠩᠭᠠᠨ ᠬᠡᠪᠲᠡᠭᠦᠯ᠂ ᠬᠣᠷᠴᠢᠨ ᠤ᠋ ᠬᠠᠮᠲᠤ ᠪᠦᠭᠦᠳᠡ ᠨᠢᠭᠡᠨ ᠲᠦᠮᠡᠨ ᠬᠡᠰᠢᠭᠲᠡᠨ ᠪᠣᠯᠪᠠ᠃ ᠴᠢᠩᠭᠢᠰ ᠬᠠᠭᠠᠨ ᠵᠠᠷᠯᠢᠭ ᠪᠣᠯᠤᠷᠤᠨ᠄ 《ᠪᠢᠳᠡᠨ ᠦ᠌ ᠰᠢᠳᠠᠷ ᠲᠦᠮᠡᠨ ᠬᠡᠰᠢᠭᠲᠡᠨ ᠢ᠋ ᠪᠡᠬᠢᠵᠢᠭᠦᠯᠵᠦ ᠶᠡᠬᠡ ᠭᠣᠣᠯ ᠤ᠋ᠨ ᠴᠡᠷᠢᠭ ᠪᠣᠯᠭᠠᠶ᠎ᠠ!》 ᠭᠡᠵᠦ ᠵᠠᠷᠯᠢᠭ ᠪᠣᠯᠪᠠ᠃
 227᠂ ᠪᠠᠰᠠ ᠴᠢᠩᠭᠢᠰ ᠬᠠᠭᠠᠨ ᠵᠠᠷᠯᠢᠭ ᠪᠣᠯᠵᠤ ᠡᠳᠦᠷ ᠦ᠋ᠨ ᠵᠠᠰᠠᠭ᠎ᠠ ᠶ᠋ᠢᠨ (ᠡᠭᠡᠯᠵᠢᠨ) ᠳᠥᠷᠪᠡᠨ ᠡᠭᠡᠯᠵᠢ ᠪᠣᠯᠭᠠᠵᠤ᠂ ᠡᠭᠡᠯᠵᠢ ᠶ᠋ᠢᠨ ᠠᠬᠠᠯᠠᠭᠴᠢ ᠨᠠᠷ ᠢ᠋ ᠲᠣᠮᠢᠯᠠᠭᠰᠠᠨ ᠨᠢ᠄ ᠪᠤᠬ᠎ᠠ᠂ ᠨᠢᠭᠡᠨ ᠡᠭᠡᠯᠵᠢ ᠶ᠋ᠢᠨ ᠬᠡᠰᠢᠭᠲᠡᠨ ᠢ᠋ ᠵᠠᠬᠢᠷᠴᠤ᠂ ᠵᠠᠰᠠᠵᠤ ᠶᠠᠪᠤ᠃ ᠠᠯᠴᠢᠳᠠᠢ ᠨᠢᠭᠡᠨ ᠡᠭᠡᠯᠵᠢ ᠶ᠋ᠢᠨ ᠬᠡᠰᠢᠭᠲᠡᠨ ᠢ᠋ ᠵᠠᠬᠢᠷᠴᠤ᠂ ᠵᠠᠰᠠᠵᠤ ᠶᠠᠪᠤ᠃ ᠲᠣᠳᠠᠢ ᠴᠡᠷᠪᠢ ᠨᠢᠭᠡᠨ ᠡᠭᠡᠯᠵᠢ ᠶ᠋ᠢᠨ ᠬᠡᠰᠢᠭᠲᠡᠨ ᠢ᠋ ᠵᠠᠬᠢᠷᠴᠤ᠂ ᠵᠠᠰᠠᠵᠤ ᠶᠠᠪᠤ᠃ ᠲᠤᠭᠤᠯᠬᠤ ᠴᠡᠷᠪᠢ ᠨᠢᠭᠡᠨ ᠡᠭᠡᠯᠵᠢ ᠶ᠋ᠢᠨ ᠬᠡᠰᠢᠭᠲᠡᠨ ᠢ᠋ ᠵᠠᠬᠢᠷᠴᠤ᠂ ᠵᠠᠰᠠᠵᠤ ᠶᠠᠪᠤ᠃ ᠡᠨᠡ ᠳᠥᠷᠪᠡᠨ ᠡᠭᠡᠯᠵᠢ ᠶ᠋ᠢᠨ ᠬᠡᠰᠢᠭᠲᠡᠨ ᠢ᠋ ᠵᠠᠬᠢᠷᠬᠤ ᠠᠬᠠᠯᠠᠭᠴᠢᠳ ᠢ᠋ ᠲᠣᠮᠢᠯᠠᠵᠤ ᠲᠤᠩᠬᠠᠭ ᠵᠠᠷᠯᠢᠭ ᠪᠠᠭᠤᠯᠭᠠᠭᠠᠳ ᠪᠠᠰᠠ ᠡᠭᠡᠯᠵᠢ ᠶ᠋ᠢᠨ ᠠᠬᠠᠯᠠᠭᠴᠢᠳ᠂ ᠬᠠᠷᠢᠶᠠᠲᠤ ᠬᠡᠰᠢᠭᠲᠡᠨ ᠢ᠋ᠶ᠋ᠡᠨ ᠵᠢᠭᠰᠠᠭᠠᠵᠤ ᠡᠭᠡᠯᠵᠢ ᠬᠡᠰᠢᠭ ᠲᠦ᠍ ᠣᠷᠣᠭᠤᠯᠤᠭᠠᠳ ᠭᠤᠷᠪᠠ ᠬᠣᠨᠣᠭᠠᠳ ᠰᠣᠯᠢᠯᠴᠠᠭᠤᠯᠤᠨ᠎ᠠ᠃ ᠬᠡᠰᠢᠭᠲᠦ ᠬᠥᠮᠦᠨ᠂ ᠡᠭᠡᠯᠵᠢ ᠪᠡᠨ ᠲᠠᠰᠤᠯᠪᠠᠯ ᠲᠡᠷᠡ ᠡᠭᠡᠯᠵᠢ ᠲᠠᠰᠤᠯᠤᠭᠰᠠᠨ ᠬᠥᠮᠦᠨ ᠢ᠋ ᠭᠤᠷᠪᠠᠨ ᠪᠠᠷᠢᠶᠠᠰᠤ ᠵᠠᠨᠴᠢᠶ᠎ᠠ᠃ ᠲᠡᠷᠡ ᠳᠠᠬᠢᠨ ᠡᠭᠡᠯᠵᠢ ᠪᠡᠨ ᠲᠠᠰᠤᠯᠪᠠᠯ ᠳᠣᠯᠣᠭᠠᠨ ᠪᠠᠷᠢᠶᠠᠰᠤ ᠵᠠᠨᠴᠢᠶ᠎ᠠ᠃ ᠪᠠᠰᠠ ᠲᠡᠷᠡ ᠬᠥᠮᠦᠨ ᠪᠡᠶ᠎ᠡ ᠡᠷᠡᠭᠦᠯ ᠪᠥᠭᠡᠳ ᠡᠭᠡᠯᠵᠢ ᠶ᠋ᠢᠨ ᠠᠬᠠᠯᠠᠭᠴᠢᠳ ᠤ᠋ᠨ ᠵᠥᠪᠰᠢᠶᠡᠷᠡᠯ ᠦᠭᠡᠢ ᠪᠡᠷ ᠭᠤᠷᠪᠠᠳᠤᠭᠠᠷ ᠤᠳᠠᠭ᠎ᠠ ᠡᠭᠡᠯᠵᠢ ᠶ᠋ᠢ ᠲᠠᠰᠤᠯᠪᠠᠯ ᠭᠤᠴᠢᠨ ᠳᠣᠯᠣᠭᠠᠨ ᠪᠠᠷᠢᠶᠠᠰᠤ ᠵᠠᠨᠴᠢᠭᠠᠳ᠂ ᠪᠢᠳᠡᠨ ᠳ᠋ᠦ᠍ ᠪᠠᠷ᠎ᠠ ᠪᠣᠯᠬᠤ ᠠ᠋ᠴᠠ ᠪᠡᠷᠬᠡᠰᠢᠶᠡᠭᠰᠡᠨ ᠡᠲᠡᠭᠡᠳ ᠭᠡᠵᠦ ᠦᠵᠡᠭᠡᠳ ᠡᠴᠢᠨ᠎ᠡ ᠬᠣᠯᠠ ᠭᠠᠵᠠᠷ ᠲᠤ᠌ ᠴᠦᠯᠡᠶ᠎ᠡ! ᠭᠡᠵᠦ ᠵᠠᠷᠯᠢᠭ ᠪᠣᠯᠪᠠ᠃ ᠡᠭᠡᠯᠵᠢ ᠶ᠋ᠢᠨ ᠠᠬᠠᠯᠠᠭᠴᠢᠳ᠂ ᠭᠤᠷᠪᠠᠨ ᠡᠭᠡᠯᠵᠢ ᠶ᠋ᠢᠨ ᠬᠡᠰᠢᠭᠲᠡᠨ ᠳ᠋ᠦ᠍ ᠲᠤᠬᠠᠢ ᠪᠦᠷᠢ ᠡᠨᠡ ᠵᠠᠷᠯᠢᠭ ᠢ᠋ ᠰᠣᠨᠣᠰᠬᠠᠵᠤ ᠪᠠᠢᠲᠤᠭᠠᠢ᠃ ᠡᠰᠡ ᠰᠣᠨᠣᠰᠬᠠᠭᠰᠠᠨ ᠪᠣᠯ ᠡᠭᠡᠯᠵᠢ ᠶ᠋ᠢᠨ ᠠᠬᠠᠯᠠᠭᠴᠢᠳ ᠪᠤᠷᠤᠭᠤ ᠶ᠋ᠢ ᠬᠦᠯᠢᠶᠡᠨ᠎ᠡ᠃ ᠵᠠᠷᠯᠢᠭ ᠢ᠋ ᠰᠣᠨᠣᠰᠤᠭᠰᠠᠨ ᠪᠠᠢᠲᠠᠯ᠎ᠠ᠂ ᠵᠥᠷᠢᠴᠡᠬᠦ ᠪᠤᠶᠤ ᠵᠠᠷᠯᠢᠭ ᠢ᠋ᠶ᠋ᠠᠷ ᠲᠣᠭᠲᠠᠭᠠᠭᠰᠠᠨ ᠡᠭᠡᠯᠵᠢ ᠶ᠋ᠢ ᠲᠠᠰᠤᠯᠪᠠᠯ ᠬᠡᠰᠢᠭᠲᠡᠨ ᠢ᠋ ᠪᠤᠷᠤᠭᠤᠰᠢᠶᠠᠨ ᠰᠢᠳᠬᠡᠨ᠎ᠡ ᠭᠡᠵᠦ ᠵᠠᠷᠯᠢᠭ ᠪᠣᠯᠪᠠ᠃ ᠡᠭᠡᠯᠵᠢ ᠶ᠋ᠢᠨ ᠠᠬᠠᠯᠠᠭᠴᠢᠳ ᠭᠠᠭᠴᠠ ᠬᠦ ᠠᠬᠠᠯᠠᠭᠴᠢ ᠭᠡᠰᠡᠨ ᠲᠡᠳᠦᠢ ᠪᠡᠷ ᠬᠠᠮᠲᠤ ᠮᠠᠨᠠᠵᠤ ᠪᠠᠢᠭ᠎ᠠ ᠬᠡᠰᠢᠭᠲᠡᠨ ᠢ᠋ ᠮᠢᠨᠦ ᠵᠥᠪᠰᠢᠶᠡᠷᠡᠯ ᠦᠭᠡᠢ ᠪᠡᠷ ᠪᠦᠦ ᠰᠢᠳᠬᠡᠭᠲᠦᠨ᠃ ᠭᠡᠮ ᠦᠢᠯᠡᠳᠦᠭᠰᠡᠨ ᠬᠥᠮᠦᠨ ᠢ᠋ ᠬᠡᠯᠡᠭᠲᠦᠨ᠃ ᠮᠥᠬᠥᠷᠢᠭᠦᠯᠦᠨ(ᠠᠯᠠᠬᠤ) ᠶᠣᠰᠣᠲᠠᠢ ᠪᠣᠯ ᠪᠢᠳᠡ ᠮᠥᠬᠥᠷᠢᠭᠦᠯᠦᠶ᠎ᠡ᠃ ᠵᠠᠨᠴᠢᠬᠤ ᠶᠣᠰᠣᠲᠠᠢ ᠶ᠋ᠢ ᠬᠡᠪᠳᠡᠬᠥᠯᠵᠦ ᠵᠠᠨᠴᠢᠶ᠎ᠠ᠃ ᠠᠬᠠᠯᠠᠭᠴᠢ ᠨᠠᠷ᠂ ᠠᠬᠠᠯᠠᠭᠴᠢ ᠭᠡᠰᠡᠨ ᠲᠡᠳᠦᠢ ᠪᠡᠷ ᠠᠳᠠᠯᠢ ᠡᠷᠬᠡ ᠲᠡᠢ ᠬᠡᠰᠢᠭᠲᠡᠨ ᠳ᠋ᠦ᠍ ᠮᠢᠨᠢ᠂ ᠥᠪᠡᠷ ᠦ᠋ᠨ ᠭᠠᠷ ᠬᠥᠯ ᠢ᠋ ᠬᠦᠷᠭᠡᠵᠦ ᠵᠠᠨᠴᠢᠪᠠᠯ ᠪᠠᠷᠢᠶᠠᠨ ᠤ᠋ ᠬᠠᠷᠢᠭᠤ ᠳ᠋ᠤ᠌ ᠪᠡᠷᠢᠶᠡᠳᠡᠵᠦ ᠨᠢᠳᠤᠷᠭ᠎ᠠ ᠶ᠋ᠢᠨ ᠬᠠᠷᠢᠭᠤ ᠳ᠋ᠤ᠌ ᠨᠢᠳᠤᠷᠭᠠᠳᠠᠵᠤ ᠵᠠᠨᠴᠢᠲᠤᠭᠠᠢ ᠭᠡᠪᠡ᠃
 228᠂ ᠪᠠᠰᠠ ᠴᠢᠩᠭᠢᠰ ᠬᠠᠭᠠᠨ ᠵᠠᠷᠯᠢᠭ ᠪᠣᠯᠤᠷᠤᠨ᠄ 《ᠭᠠᠳᠠᠭᠠᠳᠤ ᠮᠢᠩᠭᠠᠨ ᠤ᠋ ᠨᠣᠶᠠᠳ ᠠ᠋ᠴᠠ ᠮᠢᠨᠦ ᠬᠡᠰᠢᠭᠲᠡᠨ ᠦ᠌ ᠶᠡᠷᠦ ᠶ᠋ᠢᠨ ᠬᠥᠮᠦᠰ ᠡᠷᠬᠢᠮ ᠪᠥᠭᠡᠳ ᠭᠠᠳᠠᠭᠠᠳᠤ ᠵᠠᠭᠤᠨ ᠤ᠋ ᠨᠣᠶᠠᠳ᠂ ᠠᠷᠪᠠᠨ ᠤ᠋ ᠨᠣᠶᠠᠳ ᠠ᠋ᠴᠠ ᠮᠢᠨᠦ ᠬᠡᠰᠢᠭᠲᠡᠨ ᠦ᠌ ᠬᠥᠳᠡᠴᠢ ᠡᠷᠬᠢᠮ ᠲᠤᠯᠠ ᠭᠠᠳᠠᠭᠠᠳᠤ ᠮᠢᠩᠭᠠᠨ ᠤ᠋ ᠨᠣᠶᠠᠳ᠂ ᠮᠢᠨᠦ ᠬᠡᠰᠢᠭᠲᠡᠨ ᠲᠡᠢ ᠲᠡᠮᠡᠴᠡᠵᠦ ᠬᠡᠷᠡᠯᠳᠦᠪᠡᠯ ᠮᠢᠩᠭᠠᠨ ᠤ᠋ ᠨᠣᠶᠠᠨ ᠢ᠋ ᠰᠢᠳᠬᠡᠶ᠎ᠡ! ᠭᠡᠵᠦ ᠵᠠᠷᠯᠢᠭ ᠪᠣᠯᠪᠠ᠃
 229᠂ ᠪᠠᠰᠠ ᠴᠢᠩᠭᠢᠰ ᠬᠠᠭᠠᠨ ᠵᠠᠷᠯᠢᠭ ᠪᠣᠯᠵᠤ ᠡᠭᠡᠯᠵᠢ ᠶ᠋ᠢᠨ ᠬᠡᠰᠢᠭᠲᠡᠨ ᠦ᠌ ᠨᠣᠶᠠᠳ ᠲᠤ᠌ ᠵᠠᠷᠯᠢᠭ ᠲᠤᠩᠬᠠᠭᠯᠠᠭᠰᠠᠨ ᠨᠢ᠄ ᠬᠣᠷᠴᠢᠨ ᠲᠣᠷᠬᠠᠭ ᠤ᠋ᠳ ᠬᠡᠰᠢᠭ (ᠡᠭᠡᠯᠵᠢ) ᠳ᠋ᠦ᠍ ᠣᠷᠣᠵᠤ ᠂ ᠡᠳᠦᠷ ᠦ᠋ᠨ ᠬᠠᠮᠠᠭᠠᠯᠠᠭᠴᠢᠳ ᠵᠦᠭ ᠵᠦᠭ ᠲᠦ᠍ ᠮᠥᠷᠥ ᠮᠥᠷᠥ ᠳ᠋ᠡᠭᠡᠨ ᠶᠠᠪᠤᠵᠤ ᠨᠠᠷᠠᠨ ᠰᠢᠩᠭᠡᠬᠦ ᠡᠴᠡ ᠡᠮᠦᠨ᠎ᠡ ᠬᠡᠪᠲᠡᠭᠦᠯ ᠳ᠋ᠦ᠍ ᠮᠠᠨᠠᠭᠠᠴᠢᠳ ᠬᠠᠮᠠᠭᠠᠯᠠᠬᠤ ᠠᠵᠢᠯ ᠢ᠋ᠶ᠋ᠠᠨ ᠰᠢᠯᠵᠢᠭᠦᠯᠦᠭᠡᠳ ᠵᠠᠢᠯᠠᠵᠤ ᠭᠠᠳᠠᠨ᠎ᠠ ᠭᠠᠷᠴᠤ ᠬᠣᠨᠣᠲᠤᠭᠠᠢ᠃ ᠪᠢᠳᠡᠨ ᠢ᠋ ᠰᠥᠨᠢ ᠬᠡᠪᠲᠡᠭᠦᠯ ᠦ᠋ᠨ ᠴᠡᠷᠢᠭ ᠬᠠᠮᠠᠭᠠᠯᠠᠨ᠎ᠠ᠃ ᠬᠣᠷᠴᠢᠨ ᠨᠤᠮᠤ ᠰᠤᠮᠤ ᠪᠠᠨ᠂ ᠪᠠᠭᠤᠷᠴᠢ(ᠲᠣᠭᠣᠭᠠᠴᠢ) ᠨᠠᠷ ᠠᠶᠠᠭ᠎ᠠ ᠰᠠᠪᠠ ᠪᠠᠨ ᠬᠡᠪᠲᠡᠭᠦᠯ ᠳ᠋ᠦ᠍ ᠲᠤᠰᠢᠶᠠᠵᠤ ᠥᠭᠭᠡᠳ ᠭᠠᠷᠴᠤ ᠬᠣᠨᠣᠲᠤᠭᠠᠢ᠃ ᠭᠠᠳᠠᠨ᠎ᠠ ᠬᠣᠨᠣᠭᠰᠠᠨ ᠬᠣᠷᠴᠢᠨ᠂ ᠲᠣᠷᠬᠠᠭ ᠤ᠋ᠳ᠂ ᠪᠠᠭᠤᠷᠴᠢ ᠨᠠᠷ ᠪᠢᠳᠡᠨ ᠢ᠋ ᠱᠥᠯᠥ ᠢᠳᠡᠲᠡᠯ᠎ᠡ ᠤᠶᠠᠭᠠᠨ ᠤ᠋ ᠲᠡᠨᠳᠡ ᠬᠦᠯᠢᠶᠡᠵᠦ ᠪᠠᠢᠭᠠᠳ ᠬᠡᠪᠲᠡᠭᠦᠯ ᠳ᠋ᠦ᠍ ᠮᠡᠳᠡᠭᠳᠡᠵᠦ᠂ ᠪᠢᠳᠡᠨ ᠢ᠋ ᠱᠥᠯᠥ ᠢᠳᠡᠭᠰᠡᠨ ᠦ᠌ ᠳᠠᠷᠠᠭ᠎ᠠ ᠳᠣᠲᠣᠭᠰᠢ ᠣᠷᠣᠵᠤ᠂ ᠬᠣᠷᠴᠢᠨ ᠨᠤᠮᠤ ᠰᠤᠮᠤ ᠪᠠᠨ ᠠᠪᠴᠤ᠂ ᠲᠣᠷᠬᠠᠭ ᠤ᠋ᠳ ᠰᠠᠭᠤᠷᠢ ᠪᠠᠨ ᠡᠵᠡᠯᠡᠵᠦ᠂  ᠪᠠᠭᠤᠷᠴᠢ ᠨᠠᠷ ᠠᠶᠠᠭ᠎ᠠ ᠰᠠᠪᠬ᠎ᠠ ᠪᠠᠨ ᠠᠪᠴᠤ ᠠᠵᠢᠯ ᠢ᠋ᠶ᠋ᠠᠨ ᠬᠢᠲᠦᠭᠡᠢ᠃ ᠡᠭᠡᠯᠵᠢ ᠬᠡᠰᠢᠭ ᠦ᠋ᠨ ᠬᠥᠮᠦᠰ ᠡᠨᠡ ᠲᠣᠭᠲᠠᠭᠠᠭᠰᠠᠨ ᠡᠭᠡᠯᠵᠢ ᠶ᠋ᠢᠨ ᠬᠠᠤᠯᠢ ᠶ᠋ᠢ ᠮᠥᠷᠳᠡᠵᠦ ᠶᠠᠪᠤ ᠭᠡᠵᠦ ᠵᠠᠷᠯᠢᠭ ᠪᠣᠯᠪᠠ᠃ ᠨᠠᠷᠠᠨ ᠰᠢᠩᠭᠡᠭᠰᠡᠨ ᠦ᠌ ᠬᠣᠢᠨ᠎ᠠ ᠣᠷᠳᠣᠨ ᠤ᠋ ᠬᠣᠢᠭᠤᠷ ᠤᠷᠳᠤᠭᠤᠷ ᠶᠠᠪᠤᠬᠤ ᠬᠥᠮᠦᠨ ᠢ᠋ ᠬᠡᠪᠲᠡᠭᠦᠯ ᠮᠠᠨᠠᠭᠠᠴᠢ ᠨᠠᠷ ᠪᠠᠷᠢᠵᠤ ᠬᠣᠨᠣᠭᠠᠳ ᠮᠠᠷᠭᠠᠰᠢ ᠥᠷᠯᠥᠭᠡ ᠪᠠᠢᠴᠠᠭᠠᠨ ᠠᠰᠠᠭᠤᠭᠲᠤᠨ᠃ ᠬᠡᠪᠲᠡᠭᠦᠯ᠂ ᠬᠠᠯᠠᠭ᠎ᠠ ᠪᠠᠨ ᠢᠷᠡᠬᠦ ᠳ᠋ᠦ᠍ ᠲᠡᠮᠳᠡᠭ ᠢ᠋ᠶ᠋ᠡᠨ ᠰᠢᠯᠵᠢᠭᠦᠯᠵᠦ ᠥᠭᠭᠡᠳ ᠴᠢᠯᠥᠭᠡᠯᠡᠭᠳᠡᠨ᠎ᠡ᠃ ᠮᠠᠨᠠᠭ᠎ᠠ ᠪᠠᠨ ᠰᠢᠯᠵᠢᠭᠦᠯᠦᠭᠰᠡᠨ ᠬᠡᠪᠲᠡᠭᠦᠯ ᠭᠠᠷᠴᠤ ᠣᠲᠣᠲᠤᠭᠠᠢ ᠭᠡᠪᠡ᠃ ᠬᠡᠪᠲᠡᠭᠦᠯ᠂ ᠰᠥᠨᠢ ᠣᠷᠳᠣᠨ ᠤ᠋ ᠣᠷᠴᠢᠮ ᠪᠠᠢᠵᠤ ᠡᠭᠦᠳᠡ ᠶ᠋ᠢ ᠬᠠᠷᠠᠭᠠᠯᠵᠠᠵᠤ᠂ ᠣᠷᠣᠬᠤ ᠶ᠋ᠢ ᠵᠠᠪᠳᠤᠬᠤ ᠬᠥᠮᠦᠨ ᠦ᠌ ᠮᠥᠷᠥ ᠶ᠋ᠢ ᠮᠥᠯᠲᠥ ᠴᠣᠬᠢᠵᠤ᠂ ᠲᠣᠯᠣᠭᠠᠢ ᠶ᠋ᠢ ᠳᠣᠩᠰᠢᠨ ᠴᠠᠪᠴᠢᠵᠤ ᠬᠠᠶᠠᠲᠤᠭᠠᠢ᠃ ᠰᠥᠨᠢ ᠶᠠᠭᠠᠷᠠᠯᠲᠠᠢ ᠮᠡᠳᠡᠭᠡ ᠶ᠋ᠢ ᠬᠦᠷᠭᠡᠵᠦ ᠬᠥᠮᠦᠨ ᠢᠷᠡᠪᠡᠯ ᠤᠷᠢᠳᠠᠪᠡᠷ ᠬᠡᠪᠲᠡᠭᠦᠯ ᠳ᠋ᠦ᠍ ᠮᠡᠳᠡᠭᠳᠡᠭᠡᠳ ᠭᠡᠷ ᠦ᠋ᠨ ᠠᠷᠤ ᠳ᠋ᠤ᠌ ᠬᠡᠪᠲᠡᠭᠦᠯ ᠦ᠋ᠨ ᠬᠠᠮᠲᠤ ᠪᠠᠢᠵᠤ᠂ ᠬᠡᠯᠡᠬᠦ ᠦᠭᠡ ᠪᠡᠨ ᠭᠠᠳᠠᠨ᠎ᠠ ᠠ᠋ᠴᠠ ᠬᠡᠯᠡᠭᠲᠦᠨ᠃ ᠬᠡᠪᠲᠡᠭᠦᠯ ᠦ᠋ᠨ ᠰᠠᠭᠤᠷᠢ ᠳᠡᠭᠡᠷ᠎ᠡ ᠬᠡᠨ ᠴᠦ᠍ ᠰᠠᠭᠤᠵᠤ ᠦᠯᠦ ᠪᠣᠯᠤᠨ᠎ᠠ᠃ ᠬᠡᠪᠲᠡᠭᠦᠯ ᠦ᠋ᠨ ᠵᠥᠪᠰᠢᠶᠡᠷᠡᠯ ᠦᠭᠡᠢ ᠪᠡᠷ ᠬᠡᠨ ᠴᠦ᠍ ᠣᠷᠣᠵᠤ ᠦᠯᠦ ᠪᠣᠯᠤᠨ᠎ᠠ᠃ ᠬᠡᠪᠲᠡᠭᠦᠯ ᠦ᠋ᠨ ᠳᠡᠷᠭᠡᠳᠡᠭᠦᠷ ᠬᠡᠨ ᠴᠦ᠍ ᠶᠠᠪᠤᠵᠤ ᠦᠯᠦ ᠪᠣᠯᠤᠨ᠎ᠠ᠃ ᠬᠡᠪᠲᠡᠭᠦᠯ ᠦ᠋ᠨ ᠵᠠᠪᠰᠠᠷ ᠢ᠋ᠶ᠋ᠠᠷ ᠶᠠᠪᠤᠵᠤ ᠦᠯᠦ ᠪᠣᠯᠤᠨ᠎ᠠ᠃ ᠬᠡᠪᠲᠡᠭᠦᠯ ᠦ᠋ᠨ ᠲᠣᠭ᠎ᠠ ᠶ᠋ᠢ ᠠᠰᠠᠭᠤᠵᠤ ᠦᠯᠦ ᠪᠣᠯᠤᠨ᠎ᠠ᠃ ᠬᠡᠪᠲᠡᠭᠦᠯ ᠦ᠋ᠨ ᠳᠡᠷᠭᠡᠳᠡᠭᠦᠷ ᠶᠠᠪᠤᠭᠰᠠᠨ ᠬᠥᠮᠦᠨ ᠢ᠋ ᠪᠠᠷᠢᠲᠤᠭᠠᠢ᠃ ᠬᠡᠪᠲᠡᠭᠦᠯ ᠦ᠋ᠨ ᠲᠣᠭ᠎ᠠ ᠶ᠋ᠢ ᠠᠰᠠᠭᠤᠭᠰᠠᠨ ᠬᠥᠮᠦᠨ ᠢ᠋ ᠲᠡᠷᠡ ᠡᠳᠦᠷ ᠦ᠋ᠨ ᠤᠨᠤᠭᠰᠠᠨ ᠡᠮᠡᠭᠡᠯ ᠲᠡᠢ᠂ ᠬᠠᠵᠠᠭᠠᠷ ᠲᠠᠢ ᠮᠣᠷᠢ ᠶ᠋ᠢ᠂ ᠡᠮᠦᠰᠦᠭᠰᠡᠨ ᠪᠦᠷᠢᠨ ᠬᠤᠪᠴᠠᠰᠤ ᠶ᠋ᠢ ᠬᠡᠪᠲᠡᠭᠦᠯ ᠠᠪᠣᠳᠣᠭᠠᠢ ᠭᠡᠵᠦ ᠵᠠᠷᠯᠢᠭ ᠪᠣᠯᠪᠠ᠃ ᠡᠯᠵᠢᠭᠡᠳᠡᠢ ᠢᠲᠡᠭᠡᠯ ᠲᠡᠢ ᠬᠥᠮᠦᠨ ᠪᠣᠯᠪᠠᠴᠤ ᠬᠡᠪᠲᠡᠭᠦᠯ ᠦ᠋ᠨ ᠳᠡᠷᠭᠡᠳᠡᠭᠦᠷ ᠦᠳᠡᠰᠢ ᠶᠠᠪᠤᠵᠤ ᠪᠠᠷᠢᠭᠳᠠᠭᠰᠠᠨ ᠪᠢᠰᠢᠦ?

《ᠮᠣᠩᠭᠣᠯ ᠤᠨ ᠨᠢᠭᠤᠴᠠ ᠲᠣᠪᠴᠢᠶᠠᠨ》ᠪᠦᠬᠦ 12 ᠪᠦᠯᠦᠭ“Монголын нууц товчоон”бөх 12 бөлөг