ᠰᠠᠢᠨ ᠤ᠋ ᠢᠷᠦᠭᠡᠯ ᠲᠡᠢ ᠴᠠᠭᠠᠨ ᠰᠠᠷ᠎ᠠ - ᠣᠷᠴᠢᠯᠠᠩ ᠨᠠᠷᠠᠰᠤСайны ерөөлтэй цагаан сар-Орчлон Нарс
ᠰᠠᠢᠨ ᠤ᠋ ᠢᠷᠦᠭᠡᠯ ᠲᠡᠢ ᠴᠠᠭᠠᠨ ᠰᠠᠷ᠎ᠠ
ᠦᠭᠡ᠄ ᠨ᠂ ᠪᠠᠶᠠᠰᠤᠯ
ᠠᠶ᠎ᠠ᠄ ᠡ᠊᠂ ᠨᠠᠷᠠᠰᠤ
ᠳᠠᠭᠤᠴᠢᠨ᠄ ᠣᠷᠴᠢᠯᠠᠩ ᠨᠠᠷᠠᠰᠤ
ᠠᠵᠠ ᠶ᠋ᠢᠨ ᠴᠡᠩᠬᠡᠷ ᠬᠠᠳᠠᠭ ᠢ᠋ᠶ᠋ᠠᠨ ᠳᠡᠯᠭᠡᠵᠦ
ᠠᠬᠠᠮᠠᠳ ᠪᠤᠭᠤᠷᠤᠯ ᠲᠠᠢ ᠪᠠᠨ ᠰᠥᠬᠥᠷᠡᠨ ᠵᠣᠯᠭᠠᠶ᠎ᠠ
ᠠᠮᠠᠨ ᠢᠷᠦᠭᠡᠯ ᠦ᠋ᠨ ᠳᠡᠭᠡᠵᠢ ᠶ᠋ᠢ ᠰᠣᠨᠣᠰᠤᠭᠠᠳ
ᠠᠰᠢᠳᠠ ᠶ᠋ᠢᠨ ᠵᠢᠷᠭᠠᠯ ᠢ᠋ᠶ᠋ᠠᠨ ᠪᠡᠯᠭᠡᠳᠡᠨ ᠪᠡᠯᠭᠡᠳᠡᠨ ᠬᠤᠷᠤᠢᠯᠠᠶ᠎ᠠ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠤ᠌ ᠪᠠᠨ
ᠰᠠᠨᠠᠭ᠎ᠠ ᠰᠡᠳᠬᠢᠯ ᠲᠠᠢᠪᠤᠭᠤᠨ ᠰᠢᠨᠡᠯᠡᠶ᠎ᠡ
ᠰᠠᠢᠬᠠᠨ ᠤ᠋ ᠢᠪᠡᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ
ᠡᠶ᠎ᠡ ᠶ᠋ᠢᠨ ᠮᠥᠩᠭᠥᠨ ᠬᠦᠬᠦᠷ ᠢ᠋ᠶ᠋ᠡᠨ ᠰᠣᠯᠢᠯᠴᠠᠭᠠᠳ
ᠡᠯᠢᠭᠡ ᠨᠢᠭᠡᠲᠡᠢ ᠨᠥᠬᠥᠳ ᠲᠡᠢ ᠪᠡᠨ ᠤᠴᠠᠷᠠᠨ ᠵᠣᠯᠭᠠᠶ᠎ᠠ
ᠡᠪ ᠦ᠋ᠨ ᠵᠢᠷᠤᠮ ᠢ᠋ᠶ᠋ᠠᠨ ᠨᠠᠨᠳᠢᠩᠨᠠᠨ ᠳᠡᠭᠡᠳᠦᠯᠡᠭᠡᠳ
ᠡᠩᠬᠡ ᠶ᠋ᠢᠨ ᠪᠤᠶᠠᠨ ᠢ᠋ ᠨᠢ ᠳᠠᠭᠠᠳᠬᠠᠨ ᠳᠠᠭᠠᠳᠬᠠᠨ ᠮᠥᠩᠬᠡᠭᠦᠯᠦᠭᠰᠡᠨ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠤ᠌ ᠪᠠᠨ
ᠰᠠᠨᠠᠭ᠎ᠠ ᠰᠡᠳᠬᠢᠯ ᠲᠠᠢᠪᠤᠭᠤᠨ ᠰᠢᠨᠡᠯᠡᠶ᠎ᠡ
ᠰᠠᠢᠬᠠᠨ ᠤ᠋ ᠢᠪᠡᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ
ᠡᠪ ᠦ᠋ᠨ ᠢᠷᠠᠭᠤ ᠨᠣᠮ ᠢ᠋ᠶ᠋ᠠᠨ ᠡᠪᠦᠷᠯᠡᠭᠡᠳ
ᠥᠭᠡᠯᠡᠢ ᠦᠷ᠎ᠡ ᠳ᠋ᠦ᠍ ᠪᠡᠨ ᠪᠡᠯᠭᠡᠳᠡᠨ ᠬᠦᠷᠭᠡᠶ᠎ᠡ
ᠥᠭᠡᠳᠡ ᠪᠡᠨ ᠵᠠᠶᠠᠭ᠎ᠠ ᠶ᠋ᠢ ᠨᠢ ᠵᠥᠩᠨᠡᠨ ᠢᠷᠦᠭᠡᠭᠡᠳ
ᠥᠭᠭᠢᠶᠡᠮᠦᠷ ᠬᠠᠢᠷ᠎ᠠ ᠪᠠᠷ ᠢ᠋ᠶ᠋ᠠᠨ ᠲᠠᠭᠠᠰᠢᠶᠠᠨ ᠮᠢᠯᠢᠶᠠᠶ᠎ᠠ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠤ᠌ ᠪᠠᠨ
ᠰᠠᠨᠠᠭ᠎ᠠ ᠰᠡᠳᠬᠢᠯ ᠲᠠᠢᠪᠤᠭᠤᠨ ᠰᠢᠨᠠᠯᠠᠶ᠎ᠠ
ᠰᠠᠢᠬᠠᠨ ᠤ᠋ ᠢᠪᠡᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠤ᠌ ᠪᠠᠨ
ᠰᠠᠨᠠᠭ᠎ᠠ ᠰᠡᠳᠬᠢᠯ ᠲᠠᠢᠪᠤᠭᠤᠨ ᠰᠢᠨᠡᠯᠡᠶ᠎ᠡ
ᠰᠠᠢᠬᠠᠨ ᠤ᠋ ᠢᠪᠡᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
