ᠴᠠᠭᠠᠨ ᠰᠠᠷ᠎ᠠ- ᠪ ∙ ᠡᠩᠬᠡᠲᠠᠢᠪᠤᠩTsagaan sar-B.EnkhtaivanЦагаан сар- Б.Энхтайван ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠠᠷ᠎ᠠ- ᠪ ∙ ᠡᠩᠬᠡᠲᠠᠢᠪᠤᠩTsagaan sar-B.EnkhtaivanЦагаан сар- Б.Энхтайван

ᠴᠠᠭᠠᠨ ᠰᠠᠷ᠎ᠠ- ᠪ ∙ ᠡᠩᠬᠡᠲᠠᠢᠪᠤᠩTsagaan sar-B.EnkhtaivanЦагаан сар- Б.Энхтайван

ᠠᠩᠭᠢᠯᠠᠯ:ᠳᠠᠭᠤᠤ ᠬᠥᠭᠵᠢᠮ
2026-02-14

470

ᠴᠠᠭᠠᠨ ᠰᠠᠷ᠎ᠠ


   ᠦᠭᠡ᠄ ᠰ  · ᠣᠳᠬᠣᠨᠴᠢᠮᠡᠭ  
   ᠠᠶ᠎ᠠ  ᠪ᠊  · ᠡᠩᠬᠡᠲᠠᠢᠪᠤᠩ 
   ᠳᠠᠭᠤᠴᠢᠨ᠄ ᠪ᠊· ᠡᠩᠬᠡᠲᠠᠢᠪᠤᠩ 

ᠥᠷᠯᠥᠭᠡᠨ ᠦ᠌ ᠨᠠᠷᠠ ᠶ᠋ᠢ ᠲᠣᠰᠴᠤ ᠵᠣᠯᠭᠠᠭᠠᠳ 
ᠥᠩ ᠲᠡᠢ ᠰᠠᠢᠬᠠᠨ ᠡᠪᠦᠯᠵᠢᠯ᠎ᠡ ᠭᠡᠳ  
ᠥᠨᠳᠥᠷ ᠲᠩᠷᠢ ᠳ᠋ᠡᠭᠡᠨ ᠰᠦᠰᠦᠭᠯᠡᠨ ᠵᠠᠯᠪᠠᠷᠢᠭᠠᠳ 
ᠡᠪᠦᠭᠡ ᠳᠡᠭᠡᠳᠦᠰ ᠲᠡᠭᠡᠨ ᠳᠡᠭᠡᠵᠢ ᠪᠡᠨ ᠡᠷᠭᠦᠪᠡ ᠤᠤ 
ᠠᠮᠤᠷ ᠪᠠᠢᠨ᠎ᠠ ᠤᠤ? ᠠᠪᠤ ᠡᠵᠢ ᠠ᠋ 
ᠠᠮᠤᠭᠤᠯᠠᠩ ᠰᠠᠭᠤᠨ᠎ᠠ ᠤᠤ ᠠᠬᠠᠨ ᠳᠡᠭᠦᠦᠰ ᠮᠢᠨᠢ 
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ 
ᠠᠮᠤᠷ ᠮᠡᠨᠳᠦ ᠰᠠᠢᠬᠠᠨ ᠰᠢᠨᠠᠯᠠᠪᠠ ᠤᠤ 

ᠣᠪᠣᠭ᠎ᠠ ᠬᠠᠢᠷᠬᠠᠨ ᠳ᠋ᠠᠭᠠᠨ ᠰᠥᠭᠥᠳᠴᠦ ᠮᠥᠷᠭᠥᠭᠡᠳ
ᠣᠨ ᠳ᠋ᠠᠭᠠᠨ ᠡᠩᠬᠡ ᠣᠷᠣᠯ᠎ᠠ ᠭᠡᠳ
ᠣᠳᠣᠳ ᠲᠩᠷᠢ ᠳ᠋ᠡᠭᠡᠨ ᠰᠢᠪᠰᠢᠨ ᠵᠠᠯᠪᠠᠷᠢᠭᠠᠳ
ᠣᠯᠠᠨ ᠲᠦᠮᠡᠨ ᠦᠷᠡᠰ ᠢ᠋ᠶ᠋ᠡᠨ ᠳᠠᠭᠠᠳᠬᠠᠪᠠ ᠤᠤ?
ᠠᠮᠤᠷ ᠪᠠᠢᠨ᠎ᠠ ᠤᠤ? ᠠᠪᠤ ᠡᠵᠢ ᠠ᠋
ᠠᠮᠤᠭᠤᠯᠠᠩ ᠰᠠᠭᠤᠨ᠎ᠠ ᠤᠤ ᠠᠬᠠᠨ ᠳᠡᠭᠦᠦᠰ  ᠮᠢᠨᠢ
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ
ᠠᠮᠤᠷ ᠮᠡᠨᠳᠦ ᠰᠠᠢᠬᠠᠨ ᠰᠢᠨᠠᠯᠠᠪᠠ ᠤᠤ

ᠠᠬᠠᠨ ᠳᠡᠭᠦᠦᠰ ᠠᠢᠯᠴᠢᠨ ᠭᠡᠢᠴᠢᠨ ᠦ᠌
ᠠᠯᠠᠭ᠎ᠠ ᠶ᠋ᠢ ᠨᠢ ᠳᠦᠭᠦᠷᠭᠡᠵᠦ ᠵᠢᠷᠭᠠᠯ ᠢᠷᠦᠭᠡᠭᠡᠳ
ᠠᠶᠠᠨ ᠤ᠋ ᠳᠥᠷᠥᠭᠡ ᠶ᠋ᠢ ᠰᠦ ᠪᠡᠷ ᠮᠢᠯᠢᠶᠠᠭᠠᠳ
ᠠᠮᠤᠭᠤᠯᠠᠩ ᠰᠡᠳᠬᠢᠯ ᠢ᠋ᠶ᠋ᠡᠷ ᠦᠳᠡᠨ ᠮᠣᠷᠳᠠᠭᠤᠯᠪᠠ ᠤᠤ
ᠠᠮᠤᠷ ᠪᠠᠢᠨ᠎ᠠ ᠤᠤ? ᠠᠪᠤ ᠡᠵᠢ ᠠ᠋
ᠠᠮᠤᠭᠤᠯᠠᠩ ᠰᠠᠭᠤᠨ᠎ᠠ ᠤᠤ ᠠᠬᠠᠨ ᠳᠡᠭᠦᠦᠰ  ᠮᠢᠨᠢ
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ
ᠠᠮᠤᠷ ᠮᠡᠨᠳᠦ ᠰᠠᠢᠬᠠᠨ ᠰᠢᠨᠡᠯᠡᠪᠡ ᠤᠤ
ᠠᠮᠤᠷ ᠪᠠᠢᠨ᠎ᠠ ᠤᠤ? ᠠᠪᠤ ᠡᠵᠢ ᠠ᠋ 
ᠠᠮᠤᠭᠤᠯᠠᠩ ᠰᠠᠭᠤᠨ᠎ᠠ ᠤᠤ ᠠᠬᠠᠨ ᠳᠡᠭᠦᠦᠰ  ᠮᠢᠨᠢ
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ
ᠠᠮᠤᠷ ᠮᠡᠨᠳᠦ ᠰᠠᠢᠬᠠᠨ ᠰᠢᠨᠡᠯᠡᠪᠡ ᠤᠤ
ᠠᠷᠠᠳ ᠣᠯᠠᠨ ᠬᠣᠲᠠᠯᠠ ᠲᠦᠮᠡᠨ ᠢ᠋ᠶ᠋ᠡᠷ ᠢ᠋ᠶ᠋ᠡᠨ
ᠠᠮᠤᠷ ᠮᠡᠨᠳᠦ ᠰᠢᠨᠠᠯᠠᠪᠠ ᠤᠤ

  ᠦᠰᠦᠭ ᠠᠮᠢᠯᠠᠭᠤᠯᠤᠭᠴᠢ᠄ ᠪᠠᠢ ᠰᠠᠷᠠᠨ᠎ᠠ 
  ᠦᠰᠦᠭ ᠬᠠᠳᠠᠭᠴᠢ᠄ ᠪᠠᠢ ᠰᠠᠷᠠᠨ᠎ᠠ
  ᠬᠢᠨᠠᠭᠴᠢ᠄ ᠰᠣᠨᠢᠨᠪᠠᠶᠠᠷ