ᠬᠠᠢᠷ᠎ᠠ ᠶ᠋ᠢᠨ ᠳᠡᠭᠡᠳᠦ ᠬᠠᠨᠢ ᠮᠢᠨᠢ -ᠨᠣᠮᠢᠨ ᠲᠠᠯᠠᠰᠲᠤ ᠬᠠᠮᠲᠤᠯᠢᠭХайрын дээд хань минь-Номин талст хамтлаг
ᠬᠠᠢᠷ᠎ᠠ ᠶ᠋ᠢᠨ ᠳᠡᠭᠡᠳᠦ ᠬᠠᠨᠢ ᠮᠢᠨᠢ
ᠦᠭᠡ᠄ ᠱ᠂ ᠭᠦᠷᠦᠪᠠᠽᠠᠷ
ᠦ᠊· ᠬᠦᠷᠡᠯᠪᠠᠭᠠᠲᠤᠷ
ᠳ᠋ᠣ᠊· ᠴᠡᠨᠳᠡᠵᠠᠪ
ᠠᠶ᠎ᠠ᠄ ᠯ· ᠪᠠᡀᠠᠵᠠᠪ
ᠳᠠᠭᠤᠴᠢᠨ᠄ ᠨᠣᠮᠢᠨ ᠲᠠᠯᠠᠰᠲᠤ ᠬᠠᠮᠲᠤᠯᠢᠭ
ᠬᠠᠢᠷᠠᠲᠤ ᠮᠢᠨᠢ ᠴᠢ ᠮᠢᠨᠦ ᠠᠮᠢᠨ ᠡᠷᠳᠡᠨᠢ
ᠬᠠᠨᠢ ᠮᠢᠨᠢ ᠴᠢ ᠮᠢᠨᠦ ᠭᠠᠭᠴᠠᠬᠠᠨ ᠠᠮᠢᠳᠤᠷᠠᠯ
ᠬᠠᠯᠠᠭᠤᠬᠠᠨ ᠬᠠᠢᠷ᠎ᠠ ᠪᠠᠷ ᠢ᠋ᠶ᠋ᠠᠨ ᠢᠪᠡᠭᠡᠯᠡᠨ ᠠᠭᠤᠰᠤᠶᠠ
ᠬᠠᠢᠯᠤᠨ ᠤᠶᠠᠰᠤᠶᠠ ᠬᠣᠶᠠᠭᠤᠯᠠ ᠪᠠᠨ ᠬᠣᠷᠸ᠎ᠠ ᠶ᠋ᠢ ᠲᠤᠭᠤᠯᠤᠶ᠎ᠠ
ᠬᠥᠮᠦᠨ ᠦ᠌ ᠬᠣᠷᠸ᠎ᠠ ᠳ᠋ᠤ᠌ ᠡᠷᠬᠡᠯᠡᠨ ᠵᠢᠷᠭᠠᠶ᠎ᠠ
ᠬᠦᠰᠡᠯ ᠰᠡᠳᠬᠢᠯ ᠢ᠋ᠶ᠋ᠡᠨ ᠬᠣᠣᠰ ᠢ᠋ᠶ᠋ᠠᠷ ᠢ᠋ᠶ᠋ᠠᠨ ᠲᠡᠭᠰᠢᠬᠡᠨ ᠠᠮᠰᠠᠶ᠎ᠠ
ᠬᠠᠯᠠᠭᠤᠨ ᠮᠥᠷᠥ ᠶ᠋ᠢ ᠴᠢᠨᠢ ᠲᠦᠰᠢᠵᠦ ᠶᠠᠪᠤᠶ᠎ᠠ
ᠬᠠᠢᠷᠭᠤ ᠬᠠᠲᠠᠭᠤ ᠶ᠋ᠢ ᠬᠠᠨᠢ ᠪᠠᠷ ᠢ᠋ᠶ᠋ᠠᠨ ᠪᠢ ᠴᠢᠨᠢ ᠨᠥᠮᠥᠷᠢᠯᠡᠶᠡ
ᠴᠡᠴᠡᠭ ᠦ᠋ᠨ ᠦᠨᠦᠷ ᠲᠡᠢ ᠦᠳᠡᠰᠢ ᠪᠡᠨ ᠰᠠᠨᠠᠶ᠎ᠠ
ᠴᠡᠭᠡᠵᠢᠨ ᠳ᠋ᠦ᠍ ᠬᠠᠢᠷᠠᠨ ᠳ᠋ᠤ᠌ ᠪᠠᠨ ᠬᠠᠨᠢ ᠶ᠋ᠢ ᠪᠡᠨ ᠲᠡᠪᠡᠷᠢᠶ᠎ᠡ
ᠨᠠᠳᠠ ᠳ᠋ᠤ᠌ ᠪᠠᠨ ᠡᠷᠬᠡᠯᠡᠭᠰᠡᠨ ᠢᠨᠢᠶᠡᠳᠦᠨ ᠦ᠌ ᠴᠠᠭᠠᠨ᠎ᠠ ᠠ᠋ᠴᠠ
ᠨᠠᠨᠳᠢᠨ ᠬᠠᠢᠷ᠎ᠠ ᠶ᠋ᠢᠨ ᠦᠭᠡ ᠪᠡᠷ ᠢ᠋ᠶ᠋ᠡᠨ ᠬᠣᠶᠠᠭᠤᠯᠠ ᠪᠠᠨ ᠰᠢᠪᠡᠨᠡᠶ᠎ᠡ
ᠦᠨᠦᠰᠬᠦ ᠶ᠋ᠢᠨ ᠲᠣᠭ᠎ᠠ ᠪᠠᠷ ᠦᠨᠡᠨ ᠢ᠋ ᠬᠡᠯᠡᠶ᠎ᠡ
ᠦᠷ᠎ᠡ ᠶ᠋ᠢᠨ ᠮᠢᠨᠢ ᠡᠵᠢ ᠴᠢᠮ᠎ᠠ ᠳ᠋ᠤ᠌ ᠪᠠᠨ ᠬᠠᠢᠷ᠎ᠠ ᠪᠠᠨ ᠰᠢᠪᠡᠨᠡᠶ᠎ᠡ
ᠢᠵᠢᠯ ᠵᠡᠭᠦᠳᠦ ᠪᠡᠨ ᠬᠣᠶᠠᠭᠤᠯᠠ ᠪᠠᠨ ᠮᠡᠨᠡᠶᠡ
ᠡᠷᠬᠡᠯᠡᠵᠦ ᠵᠢᠷᠭᠠᠭᠰᠠᠨ ᠬᠠᠢᠷ᠎ᠠ ᠪᠠᠨ ᠪᠤᠰᠤᠳ ᠠ᠋ᠴᠠ ᠬᠠᠷᠠᠮᠨᠠᠶᠠ
ᠨᠠᠰᠤᠨ ᠤ᠋ ᠮᠢᠨᠢ ᠬᠠᠢᠷ᠎ᠠ ᠮᠢᠨᠦ ᠯᠡ ᠬᠠᠢᠷ᠎ᠠ
ᠨᠠᠨᠳᠢᠨ ᠰᠡᠳᠬᠢᠯ ᠦ᠋ᠨ ᠤᠶᠠᠭ᠎ᠠ ᠮᠢᠨᠢ
ᠰᠠᠨᠠᠬᠤ ᠶ᠋ᠢᠨ ᠲᠣᠭ᠎ᠠ ᠪᠠᠷ ᠬᠠᠢᠷ᠎ᠠ ᠪᠠᠨ ᠨᠡᠮᠡᠶ᠎ᠡ
ᠰᠠᠷ᠎ᠠ ᠵᠢᠯ ᠦ᠋ᠳ ᠦ᠋ᠨ ᠤᠷᠲᠤ ᠶ᠋ᠢ
ᠬᠠᠮᠲᠤ ᠳ᠋ᠤ᠌ ᠪᠠᠨ ᠳᠤᠭᠤᠯᠤᠶᠠ
ᠬᠣᠶᠠᠷ ᠰᠡᠳᠬᠢᠯ ᠦ᠋ᠨ ᠡᠭᠦᠳᠡ ᠶ᠋ᠢ ᠰᠠᠬᠢᠶ᠎ᠠ
ᠬᠣᠷᠸ᠎ᠠ ᠳ᠋ᠤ᠌ ᠵᠠᠶᠠᠭᠠᠭᠰᠠᠨ ᠬᠤᠪᠢ ᠵᠠᠶᠠᠭᠠᠨ ᠳ᠋ᠤ᠌ ᠪᠠᠨ
ᠬᠣᠶᠠᠭᠤᠯᠠ ᠪᠠᠨ ᠵᠠᠯᠪᠠᠷᠢᠶ᠎ᠠ
ᠦᠷ᠎ᠡ ᠶ᠋ᠢᠨ ᠪᠦᠪᠡᠢ ᠶ᠋ᠢ ᠵᠥᠭᠡᠯᠡᠨ ᠠᠶᠠᠯᠤᠶᠠ
ᠥᠷᠯᠥᠭᠡᠨ ᠦ᠌ ᠨᠠᠷᠠ ᠶ᠋ᠢ ᠲᠦᠷᠦᠭᠦᠯᠡᠵᠦ ᠬᠠᠷᠠᠶ᠎ᠠ
ᠬᠣᠷᠸ᠎ᠠ ᠶ᠋ᠢᠨ ᠬᠠᠲᠠᠭᠤ ᠶ᠋ᠢ ᠬᠠᠮᠲᠤ ᠳ᠋ᠤ᠌ ᠪᠠᠨ ᠠᠷᠭᠠᠳᠠᠶ᠎ᠠ
ᠬᠣᠣᠰ ᠦᠭᠡᠢ ᠵᠢᠷᠭᠠᠯ ᠢ᠋ᠶ᠋ᠠᠨ ᠬᠣᠶᠠᠭᠤᠯᠠ ᠪᠠᠨ ᠬᠠᠮᠲᠤ ᠳ᠋ᠤ᠌ ᠪᠠᠨ ᠬᠤᠪᠢᠶᠠᠯᠴᠠᠶ᠎ᠠ
ᠬᠥᠮᠦᠨ ᠦ᠌ ᠬᠣᠷᠸ᠎ᠠ ᠳ᠋ᠤ᠌ ᠡᠷᠬᠡᠯᠡᠨ ᠵᠢᠷᠭᠠᠶ᠎ᠠ
ᠬᠦᠰᠡᠯ ᠰᠡᠳᠬᠢᠯ ᠢ᠋ᠶ᠋ᠡᠨ ᠬᠣᠣᠰ ᠢ᠋ᠶ᠋ᠠᠷ ᠢ᠋ᠶ᠋ᠠᠨ ᠲᠡᠭᠰᠢᠬᠡᠨ ᠠᠮᠰᠠᠶ᠎ᠠ
ᠢᠵᠢᠯ ᠵᠡᠭᠦᠳᠦ ᠪᠡᠨ ᠬᠣᠶᠠᠭᠤᠯᠠ ᠪᠠᠨ ᠮᠠᠨᠠᠶ᠎ᠠ
ᠡᠷᠬᠡᠯᠡᠵᠦ ᠵᠢᠷᠭᠠᠭᠰᠠᠨ ᠬᠠᠢᠷ᠎ᠠ ᠪᠠᠨ ᠪᠤᠰᠤᠳ ᠠ᠋ᠴᠠ ᠬᠠᠷᠠᠮᠨᠠᠶᠠ
ᠨᠠᠰᠤᠨ ᠤ᠋ ᠮᠢᠨᠢ ᠬᠠᠢᠷ᠎ᠠ ᠮᠢᠨᠦ ᠯᠡ ᠬᠠᠢᠷ᠎ᠠ
ᠨᠠᠨᠳᠢᠨ ᠰᠡᠳᠬᠢᠯ ᠦ᠋ᠨ ᠤᠶᠠᠭ᠎ᠠ ᠮᠢᠨᠢ
ᠰᠠᠨᠠᠬᠤ ᠶ᠋ᠢᠨ ᠲᠣᠭ᠎ᠠ ᠪᠠᠷ ᠬᠠᠢᠷ᠎ᠠ ᠪᠠᠨ ᠨᠡᠮᠡᠶ᠎ᠡ
ᠰᠠᠷ᠎ᠠ ᠵᠢᠯ ᠦ᠋ᠳ ᠦ᠋ᠨ ᠤᠷᠲᠤ ᠶ᠋ᠢ ᠬᠠᠮᠲᠤ ᠳ᠋ᠤ᠌ ᠪᠠᠨ ᠳᠣᠭᠣᠯᠤᠶ᠎ᠠ
ᠬᠣᠶᠠᠷ ᠰᠡᠳᠬᠢᠯ ᠦ᠋ᠨ ᠡᠭᠦᠳᠡ ᠶ᠋ᠢ ᠰᠠᠬᠢᠶ᠎ᠠ
ᠬᠣᠷᠸ᠎ᠠ ᠳ᠋ᠤ᠌ ᠵᠠᠶᠠᠭᠠᠭᠰᠠᠨ ᠬᠤᠪᠢ ᠵᠠᠶᠠᠭᠠᠨ ᠳ᠋ᠤ᠌ ᠪᠠᠨ
ᠬᠣᠶᠠᠭᠤᠯᠠ ᠪᠠᠨ ᠵᠠᠯᠪᠠᠷᠢᠶ᠎ᠠ
ᠬᠠᠢᠷᠠᠲᠤ ᠮᠢᠨᠢ ᠴᠢ ᠮᠢᠨᠦ ᠠᠮᠢᠨ ᠡᠷᠳᠡᠨᠢ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
