ᠠᠪᠤ ᠡᠵᠢ ᠪᠡᠨ ᠳᠠᠭᠤᠯᠠᠨ᠎ᠠ ᠪᠢ -ᠲᠣ᠊·ᠬᠠᠯᠲᠠᠷ Aav eejee duulna bi-Do·KhaltarАав ээжээ дуулна би-До·Халтар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠡᠵᠢ ᠪᠡᠨ ᠳᠠᠭᠤᠯᠠᠨ᠎ᠠ ᠪᠢ -ᠲᠣ᠊·ᠬᠠᠯᠲᠠᠷ Aav eejee duulna bi-Do·KhaltarАав ээжээ дуулна би-До·Халтар

ᠠᠪᠤ ᠡᠵᠢ ᠪᠡᠨ ᠳᠠᠭᠤᠯᠠᠨ᠎ᠠ ᠪᠢ -ᠲᠣ᠊·ᠬᠠᠯᠲᠠᠷ Aav eejee duulna bi-Do·KhaltarАав ээжээ дуулна би-До·Халтар

ᠠᠩᠭᠢᠯᠠᠯ:ᠳᠠᠭᠤᠤ ᠬᠥᠭᠵᠢᠮ
2026-02-13

351

ᠠᠪᠤ ᠡᠵᠢ ᠪᠡᠨ ᠳᠠᠭᠤᠯᠠᠨ᠎ᠠ ᠪᠢ


          ᠦᠭᠡ᠄ ᠷᠠ᠊· ᠰᠠᠷᠠᠨᠭᠡᠷᠡᠯ 
          ᠠᠶ᠎ᠠ᠄  ᠲᠣ᠊· ᠬᠠᠯᠲᠠᠷ 
          ᠳᠠᠭᠤᠴᠢᠨ᠄ ᠲᠣ᠊· ᠬᠠᠯᠲᠠᠷ 
          ᠬᠥᠭᠵᠢᠮᠴᠢᠨ᠄ ᠷᠠ᠊᠂ ᠪᠢᠯᠢᠭᠲᠦ 

ᠠᠪᠤ ᠶ᠋ᠢᠨ ᠢ᠋ᠶ᠋ᠡᠨ ᠳᠤᠯᠠᠭᠠᠨ ᠡᠨᠡᠷᠢᠯ ᠢ᠋ᠶ᠋ᠡᠷ 
ᠠᠯᠢᠶᠠᠷᠬᠠᠵᠤ ᠪᠠᠢᠵᠤ ᠬᠥᠮᠦᠨ ᠪᠣᠯᠤᠭᠰᠠᠨ ᠳᠠ 
ᠠᠴᠢᠯᠠᠯᠲᠤ ᠬᠠᠢᠷᠠᠲᠠᠢ ᠠᠪᠤ ᠡᠵᠢ ᠬᠣᠶᠠᠷ ᠢ᠋ ᠪᠡᠨ 
ᠠᠯᠠᠭᠬᠠᠨ ᠵᠢᠷᠦᠬᠡᠨ ᠳ᠋ᠡᠭᠡᠨ ᠳᠠᠭᠤᠯᠠᠩᠬᠠᠨ ᠰᠠᠭᠤᠨ᠎ᠠ ᠪᠢ 
ᠠᠮᠢᠨ ᠬᠠᠢᠷᠠᠲᠠᠢ ᠠᠪᠤ ᠡᠵᠢ ᠬᠣᠶᠠᠷ ᠢ᠋ ᠪᠡᠨ 
ᠠᠯᠠᠭᠬᠠᠨ ᠵᠢᠷᠦᠬᠡᠨ ᠳ᠋ᠡᠭᠡᠨ ᠳᠠᠭᠤᠯᠠᠩᠬᠠᠨ ᠶᠠᠪᠤᠨ᠎ᠠ ᠪᠢ 

ᠡᠵᠢ ᠶ᠋ᠢᠨ ᠢ᠋ᠶ᠋ᠡᠨ ᠰᠦ ᠪᠡᠷ ᠠᠮᠢᠯᠠᠭᠠᠳ 
ᠡᠷᠬᠡᠯᠡᠨ ᠪᠠᠢᠵᠤ ᠬᠥᠮᠦᠨ ᠪᠣᠯᠤᠭᠰᠠᠨ ᠳᠡ
ᠡᠨᠡᠷᠢᠯ ᠬᠠᠢᠷᠠᠲᠠᠢ ᠡᠵᠢ ᠠᠪᠤ ᠬᠣᠶᠠᠷ ᠢ᠋ ᠪᠡᠨ
ᠡᠯᠢᠭᠡ ᠵᠢᠷᠦᠬᠡᠨ ᠳ᠋ᠡᠭᠡᠨ ᠬᠠᠢᠷᠠᠯᠠᠩᠬᠠᠨ ᠰᠠᠭᠤᠨ᠎ᠠ ᠪᠢ
ᠡᠨᠡᠷᠢᠯ ᠬᠠᠢᠷᠠᠲᠠᠢ ᠡᠵᠢ ᠠᠪᠤ ᠬᠣᠶᠠᠷ ᠢ᠋ ᠪᠡᠨ
ᠡᠯᠢᠭᠡ ᠵᠢᠷᠦᠬᠡᠨ ᠳ᠋ᠡᠭᠡᠨ ᠳᠠᠭᠤᠯᠠᠩᠬᠠᠨ ᠶᠠᠪᠤᠨ᠎ᠠ ᠪᠢ

ᠬᠠᠢᠷᠠᠲᠠᠢ ᠪᠤᠭᠤᠷᠤᠯ ᠬᠣᠶᠠᠷ ᠮᠢᠨᠢ
ᠬᠠᠨ ᠠᠭᠤᠯᠠ ᠰᠢᠬ ᠲᠦᠰᠢᠭ ᠯᠡ ᠶᠦᠮ ᠳᠡ
ᠬᠠᠯᠠᠮᠵᠢ ᠢᠪᠡᠭᠡᠯ ᠲᠡᠢ ᠨᠠᠷᠠᠨ ᠰᠠᠷᠠᠨ ᠬᠣᠶᠠᠷ ᠢ᠋ ᠪᠡᠨ
ᠬᠠᠢᠯᠭᠠᠨ ᠰᠡᠳᠬᠢᠯ ᠳ᠋ᠡᠭᠡᠨ ᠳᠠᠭᠤᠯᠠᠩᠬᠠᠨ ᠰᠠᠭᠤᠨ᠎ᠠ ᠪᠢ
ᠬᠠᠯᠠᠮᠵᠢ ᠢᠪᠡᠭᠡᠯ ᠲᠡᠢ ᠨᠠᠷᠠᠨ ᠰᠠᠷᠠᠨ ᠬᠣᠶᠠᠷ ᠢ᠋ ᠪᠡᠨ
ᠬᠠᠢᠯᠭᠠᠨ ᠰᠡᠳᠬᠢᠯ ᠳ᠋ᠡᠭᠡᠨ ᠳᠠᠭᠤᠯᠠᠩᠬᠠᠨ ᠶᠠᠪᠤᠨ᠎ᠠ ᠪᠢ

  ᠵᠢᠷᠤᠭ ᠲᠥᠰᠥᠪᠯᠡᠭᠴᠢ᠄ ᠶᠠ᠊ · ᠪᠦᠷᠢᠨᠪᠢᠯᠢᠭ᠌
  ᠰᠢᠩᠭᠡᠬᠡᠨ ᠦᠢᠯᠡᠳᠦᠭᠴᠢ᠄ ᠪᠣᠷᠵᠢᠭᠢᠨ· ᠰᠡᠴᠡᠨᠬᠦᠦ
  ᠦᠰᠦᠭ ᠠᠮᠢᠯᠠᠭᠤᠯᠤᠭᠴᠢ᠄ ᠣᠳᠬᠣᠨᠴᠡᠴᠡᠭ
  ᠦᠰᠦᠭ ᠬᠠᠲᠠᠭᠴᠢ᠄ ᠪᠣᠷᠵᠢᠭᠢᠨ· ᠰᠡᠴᠡᠨᠬᠦᠦ
  ᠬᠢᠨᠠᠭᠴᠢ᠄ ᠣᠳᠬᠠᠨᠰᠣ᠎ᠠ